摘要 |
ᠲᠤᠰ ᠦᠭᠦᠯᠡᠯ ᠳ᠋ᠤ ᠣᠳᠤᠬᠠᠨ ᠤ ᠬᠦᠮᠦᠰ ᠤᠨ ᠪᠡᠶ ᠡ ᠲᠡᠭᠡᠷ ᠡ ᠨᠡᠢᠳᠡᠮ ᠣᠷᠤᠰᠢᠵᠤ ᠪᠠᠢᠭ᠎ᠠ ᠲᠡᠦᠬᠡᠨ ᠤᠬᠠᠮᠰᠠᠷ ᠲᠤᠲᠠᠭᠰᠠᠨ ᠪᠠᠢᠳᠠᠯ ᠳᠤ ᠴᠢᠭᠯᠡᠬᠦᠯᠦᠨ᠂ ᠲᠡᠦᠬᠡᠨ ᠤᠬᠠᠮᠰᠠᠷ ᠭᠡᠳᠡᠭ ᠨᠢ ᠴᠣᠬᠤᠮ ᠶᠠᠮᠠᠷ ᠪᠣᠯᠬᠤ ᠭᠡᠳᠡᠭ ᠤᠬᠠᠭᠳᠠᠬᠤᠨ ᠳ᠋ᠤ ᠰᠦᠪᠡᠭᠴᠢᠯᠯᠡᠲᠡ ᠬᠢᠬᠦ ᠶᠢᠨ ᠲᠠᠠᠭᠤ᠂ ᠭᠦᠭᠵᠢᠭᠰᠡᠨ ᠤᠯᠤᠰ ᠪᠣᠯᠤᠨ ᠮᠠᠨ ᠤ ᠤᠯᠤᠰ ᠤᠨ ᠰᠠᠭᠤᠷᠢ ᠰᠤᠷᠭᠠᠨ ᠬᠦᠮᠦᠵᠢᠯ ᠤᠨ ᠱᠠᠭᠠᠷᠳᠠᠯᠭ᠎ᠠ ᠪᠡᠷ ᠲᠤᠯᠢ ᠪᠣᠯᠭᠠᠨ᠂ ᠤᠶᠤᠲᠠᠳ ᠤᠨ ᠲᠡᠦᠬᠡᠨ ᠤᠬᠠᠮᠰᠠᠷ ᠢ ᠬᠦᠮᠦᠵᠢᠭᠦᠯᠬᠦ ᠨᠢ ᠲᠡᠳᠡᠨ ᠳ᠋ᠤ ᠮᠡᠳᠡᠯᠭᠡ ᠡᠵᠡᠮᠰᠢᠬᠦᠯᠵᠦ᠂ ᠰᠣᠳᠤᠯᠭᠠᠨ ᠬᠢᠬᠦ ᠠᠷᠭ᠎ᠠ ᠵᠢ ᠡᠵᠠᠮᠰᠢᠬᠦᠯᠬᠦ; ᠨᠡᠢᠭᠡᠮᠴᠢᠯᠡᠯᠲᠡ ᠵᠢ ᠪᠡᠶᠡᠯᠡᠭᠦᠯᠦᠨ ᠵᠦᠪ ᠤᠨᠤᠪᠴᠢᠲᠠᠢ ᠠᠮᠢᠳᠤᠷᠠᠯ ᠤᠨ ᠦᠵᠡᠯᠲᠡ ᠵᠢ ᠪᠣᠢ ᠪᠣᠯᠭᠠᠬᠤ; ᠨᠡᠩ ᠢᠯᠠᠩᠭᠤᠶ ᠠ ᠦᠨᠳᠦᠰᠦᠲᠡᠨ ᠤ ᠤᠮᠤᠭᠰᠢᠯᠲᠤ ᠰᠡᠳᠭᠢᠯᠭᠡ ᠪᠠ ᠬᠠᠷᠢᠭᠤᠴᠠᠯᠭᠠᠲᠤ ᠰᠡᠳᠭᠦᠯᠭᠡ ᠵᠢ ᠪᠣᠢ ᠪᠣᠯᠭᠠᠬᠤ ᠳ᠋ᠤ ᠴᠦᠮ ᠴᠢᠬᠤᠯᠠ ᠠᠴᠢ ᠲᠤᠰᠠ ᠲᠠᠢ ᠭᠡᠳᠡᠭ ᠦᠵᠡᠯᠲᠡ ᠵᠢ ᠲᠤᠷᠠᠳᠪᠠ᠃ |