摘要 |
ᠲᠤᠰ ᠦᠭᠦᠯᠡᠯ ᠳ᠋ᠤ᠂ ᠮᠣᠩᠭᠤᠯ ᠲᠤᠤᠯᠢ ᠳ᠋ᠤ ᠦᠡᠬᠦᠯᠵᠢ ᠭᠠᠷᠳᠠᠭ ᠭᠡᠷ ᠤᠨ ᠴᠢᠨᠡᠭᠡᠨ ᠭᠡᠳᠡᠰᠦ ᠲᠠᠢ ᠭᠡᠳᠡᠭᠡᠷ ᠰᠢᠷ ᠠ ᠡᠮ ᠠ ᠶᠢᠨ ᠲᠦᠷᠢ ᠵᠢ ᠪᠦᠬᠦᠢᠯᠡ ᠰᠣᠶᠣᠯ ᠲᠡᠦᠬᠡ ᠶᠢᠨ ᠬᠤᠸᠠᠷᠴᠢ ᠰᠢᠰᠲ᠋ᠧᠮ ᠲᠤᠳᠤᠷ ᠠ ᠵᠠᠳᠠᠯᠤᠨ ᠰᠢᠨᠵᠢᠯᠡᠵᠦ᠂ ᠲᠡᠭᠦᠨ ᠤ ᠪᠠᠢᠳᠠᠯ ᠲᠦᠷᠭᠦ ᠶᠢᠨ ᠲᠦᠷᠰᠦᠯᠡᠯ ᠵᠢᠷᠤᠭᠯᠠᠯ᠂ ᠲᠤᠳᠤᠭᠠᠳᠤ ᠠᠬᠤᠯᠤᠭᠳᠠᠬᠤᠨ᠂ ᠴᠢᠳᠠᠯ ᠴᠢᠳᠠᠪᠬᠢ ᠵᠡᠷᠭᠡ ᠤᠯᠤᠨ ᠲᠠᠯ ᠠ ᠵᠢ ᠪᠠᠯᠠᠷ ᠡᠷᠲᠡᠨ ᠤ ᠡᠮ ᠠ ᠪᠡᠯᠭᠡ ᠶᠢᠨ ᠰᠢᠲᠦᠯᠭᠡ ᠲᠠᠢ ᠬᠠᠷᠢᠴᠠᠭᠤᠯᠤᠨ ᠰᠣᠳᠤᠯᠤᠭᠠᠳ ᠭᠡᠷ ᠤᠨ ᠴᠢᠨᠡᠭᠡᠨ ᠭᠡᠳᠡᠰᠦ ᠲᠠᠢ ᠭᠡᠳᠡᠭᠡᠷ ᠰᠢᠷ ᠠ ᠡᠮ ᠡ ᠶᠢᠨ ᠲᠦᠷᠢ ᠪᠣᠯ ᠮᠣᠩᠭᠤᠯᠴᠤᠳ ᠤᠨ ᠡᠳᠦᠭᠡᠨ ᠡᠭᠡ ᠶᠢᠨ ᠰᠢᠲᠦᠯᠭᠡ ᠶᠢᠨ ᠪᠠᠢᠳᠠᠯ ᠲᠦᠷᠬᠦ ᠶᠢᠨ ᠲᠦᠷᠰᠦᠯᠡᠯ ᠵᠢᠷᠤᠭᠯᠠᠯ ᠪᠣᠯᠤᠨ᠎ᠠ ᠭᠡᠬᠦ ᠦᠵᠡᠯᠲᠡ ᠪᠠᠨ ᠪᠠᠲᠤᠯᠠᠭᠰᠠᠨ ᠪᠠᠢᠨ᠎ᠠ᠃ |