摘要 |
ᠬᠤᠪᠢᠰᠬᠠᠯ ᠬᠢᠪᠡᠯ ᠵᠠᠪᠠᠯ ᠲᠡᠮᠡᠴᠡᠯᠪᠠᠢᠬᠤ ᠶᠣᠰᠤᠲᠠᠢ᠂ ᠭᠠᠭᠴᠠ ᠬᠦ ᠲᠡᠮᠡᠴᠡᠯ ᠢ ᠦᠩᠭᠡᠷᠡᠭᠡᠪᠡᠯ ᠬᠤᠪᠢᠰᠬᠠᠯ ᠨᠢ ᠰᠠᠶᠢ ᠤᠷᠤᠭᠰᠢᠯᠠᠵᠤ ᠴᠢᠳᠠᠨ᠎ᠠ᠃ ᠤᠳᠬ ᠠ ᠵᠣᠬᠢᠶᠠᠯ ᠤᠨ ᠬᠦᠷᠢᠶᠡᠨ ᠳ᠋ᠡᠬᠢ ᠬᠤᠪᠢᠰᠬᠠᠯ ᠨᠢ ᠴᠦ ᠮᠦᠨ ᠡᠢᠮᠦ ᠪᠠᠢᠳᠠᠭ᠃ 《ᠲᠠᠪᠤᠨ ᠰᠠᠷᠠᠢᠨ ᠲᠦᠷᠪᠡᠨ》 ᠤ ᠦᠶ ᠡ ᠳ᠋ᠤ ᠦᠷᠨᠢᠭᠰᠡᠨ ᠤᠳᠬ ᠠ ᠵᠣᠬᠢᠶᠠᠯ ᠤᠨ ᠬᠤᠪᠢᠰᠬᠠᠯ ᠨᠢ ᠡᠬᠢᠯᠡᠩᠭᠦᠳᠡ ᠪᠠᠨ ᠲᠠᠷᠤᠢ ᠪᠠᠢᠯᠳᠤᠭᠠᠴᠢ ᠲᠦᠷᠢ ᠪᠡᠷ ᠢᠯᠡᠷᠡᠵᠦ᠂ ᠹᠸᠤᠳᠠᠯ ᠤᠨ ᠶᠣᠰᠤ ᠰᠤᠷᠲᠠᠬᠤᠨ ᠪᠠᠨ ᠹᠸᠤᠳᠠᠯ ᠤᠨ ᠤᠳᠬ ᠠ ᠵᠣᠬᠢᠶᠠᠯ᠂ᠵᠢᠴᠢ ᠡᠵᠡᠷᠭᠡᠭ ᠲᠦᠷᠢᠮᠡᠬᠡᠢᠢᠲᠡᠨ ᠤ ᠪᠤᠤᠯᠴᠢᠯᠠᠬᠤ ᠦᠵᠡᠯ ᠰᠠᠨᠠᠭᠠᠨ ᠤ ᠵᠦᠢ ᠰᠢᠷᠦᠭᠦᠨ ᠲᠠᠭᠠᠷᠢᠯᠲᠠ ᠶᠠᠪᠤᠭᠤᠯᠤᠭᠰᠠᠨ ᠤᠴᠢᠷ ᠡᠴᠡ ᠂ᠹᠸᠤᠳᠠᠯ ᠤᠨ ᠶᠣᠰᠤ ᠰᠤᠷᠲᠠᠬᠤᠨ ᠤ ᠦᠮᠦᠭᠯᠡᠭᠴᠢᠳ ᠪᠣᠯᠤᠨ ᠡᠵᠡᠷᠭᠡᠭ ᠲᠦᠷᠢᠮᠡᠬᠡᠢᠢᠳᠡᠨ ᠤ ᠭᠠᠷ ᠬᠦᠯ ᠪᠤᠯᠤᠭᠴᠢ ᠪᠢᠴᠢᠭᠲᠡᠨ ᠨᠠᠷ ᠤᠨ ᠡᠰᠡᠷᠭᠦᠴᠡᠯ ᠢ ᠤᠯᠬᠤ ᠦᠭᠡᠢ ᠪᠠᠢᠵᠤ ᠴᠢᠳᠠᠬᠤ ᠦᠭᠡᠢ ᠶᠣᠮ᠃ ᠲᠡᠢᠮᠦ ᠤᠴᠢᠷ ᠡᠴᠡ 《ᠲᠠᠪᠤᠨ ᠰᠠᠷᠠᠢᠨ ᠲᠦᠷᠪᠡᠨ》 ᠤ ᠤᠷᠢᠳ ᠬᠤᠵᠢᠳ ᠢᠢᠡᠷ ᠲᠡᠷᠤᠢ ᠲᠤᠮᠳᠠᠳᠤᠯ ᠤᠯᠤᠰ ᠤᠨ ᠣᠷᠴᠢᠨ ᠦᠶ ᠠ ᠶᠢᠨ ᠤᠳᠬ ᠠ ᠵᠣᠬᠢᠶᠠᠯ ᠤᠨ ᠲᠡᠦᠬᠡᠨ ᠲᠡᠭᠡᠷᠡᠬᠢ ᠠᠩᠬᠠᠨ ᠤ ᠭᠡᠳᠦᠨ ᠤᠳᠠᠭ᠎ᠠ ᠶᠢᠨ ᠲᠡᠮᠡᠴᠡᠯ ᠪᠤᠢ ᠪᠣᠯᠪᠠ᠃ ᠤᠳᠬ ᠠ ᠵᠣᠬᠢᠶᠠᠯ ᠤᠨ ᠬᠤᠪᠢᠰᠬᠠᠯ ᠨᠢ ᠮᠦᠨ ᠡᠳᠡᠭᠡᠷ ᠲᠡᠮᠡᠴᠡᠯ ᠢ ᠲᠠᠮᠵᠢᠭᠠᠳ ᠤᠯᠠᠮ ᠢᠢᠡᠷ ᠭᠦᠨᠵᠡᠭᠡᠢᠢᠷᠡᠨ ᠬᠦᠭᠵᠢᠭᠰᠡᠨ ᠪᠠᠢᠨ᠎ᠠ᠃ |