摘要 |
ᠤᠳᠤᠷᠢᠳᠬᠤ ᠰᠢᠨᠵᠢᠯᠡᠬᠦ ᠤᠬᠠᠭᠠᠨ ᠤ ᠰᠣᠳᠤᠯᠤᠭᠳᠠᠬᠤᠨ ᠢ ᠲᠤᠳᠤᠷᠬᠠᠢᠯᠬᠤ ᠠᠰᠠᠭᠤᠳᠠᠯ ᠪᠣᠯ ᠤᠨᠤᠯ ᠪᠣᠯᠤᠨ ᠦᠢᠯᠡᠳᠡᠦᠯᠭᠡ ᠶᠢᠨ ᠲᠠᠯ ᠠ ᠪᠡᠷ ᠪᠦᠷ ᠮᠠᠰᠢ ᠴᠢᠬᠤᠯᠠ ᠠᠴᠢ ᠬᠤᠯᠪᠤᠭᠳᠠᠯ ᠲᠠᠢ ᠶᠣᠮ᠃ ᠤᠳᠤᠷᠢᠳᠬᠤ ᠭᠡᠳᠡᠭ ᠪᠣᠯ ᠵᠦᠢᠯ ᠪᠦᠷᠢ ᠶᠢᠨ ᠬᠦᠴᠦᠨ ᠵᠦᠢᠯ ᠢᠢᠡᠷ ᠪᠦᠷᠢᠯᠳᠦᠭᠰᠡᠨ ᠰᠢᠰᠲ᠋ᠧᠮ ᠪᠣᠯᠬᠤ ᠶᠢᠨ ᠬᠠᠮᠲᠤ ᠭᠡᠭᠦ ᠭᠡᠳᠦᠨ ᠱᠠᠳᠦ ᠦᠶ ᠡ ᠪᠡᠷ ᠪᠦᠷᠢᠯᠳᠦᠭᠰᠡᠨ ᠶᠠᠪᠤᠴᠠ ᠮᠦᠨ᠃ᠡᠩᠸᠯᠰ ᠡᠴᠡ᠌《ᠬᠡᠷᠡᠭ ᠪᠣᠳᠠᠰ ᠢ ᠤᠷᠢᠳᠠ ᠪᠡᠷ ᠰᠣᠳᠤᠯᠵᠤ ᠲᠠᠷᠠᠭ᠎ᠠ ᠨᠢ ᠰᠠᠶᠢ ᠶᠠᠪᠤᠴᠠ ᠵᠢ ᠰᠣᠳᠤᠯᠬᠤ ᠭᠡᠷᠡᠭᠳᠡᠢ᠃ ᠨᠢᠭᠡ ᠪᠣᠳᠠᠰ ᠤᠨ ᠶᠠᠭᠤ ᠪᠣᠯᠬᠤ ᠵᠢ ᠤᠷᠢᠳᠠ ᠪᠡᠷ ᠮᠡᠳᠡᠭᠰᠡᠨ ᠤ ᠲᠠᠷᠠᠭ᠎ᠠ ᠰᠠᠶᠢ ᠡᠨᠡ ᠬᠡᠷᠡᠭ ᠪᠣᠳᠠᠰ ᠤᠨ ᠲᠤᠳᠤᠭᠠᠳᠤ ᠳ᠋ᠤ ᠭᠠᠷᠤᠭᠰᠠᠨ ᠬᠤᠪᠢᠷᠠᠯᠲᠠ ᠵᠢ ᠰᠡᠷᠡᠨ ᠵᠢ ᠮᠡᠳᠡᠵᠦ ᠴᠢᠳᠠᠨ᠎ᠠ》ᠭᠡᠵᠡᠢ᠃ ᠪᠢᠳᠡ ᠡᠩᠸᠯᠰ ᠤᠨ ᠡᠨᠡᠬᠦ ᠰᠤᠷᠭᠠᠯ ᠢ ᠵᠢᠷᠤᠮᠯᠠᠨ ᠬᠠᠮᠤᠭ ᠲᠦᠷᠦᠬᠦᠨ ᠳ᠋ᠤ ᠤᠳᠤᠷᠢᠳᠬᠤ ᠶᠢᠨ ᠰᠢᠰᠲ᠋ᠸᠮ ᠤᠨ ᠲᠣᠬᠠᠢ ᠦᠭᠦᠯᠡᠵᠦ᠂ ᠲᠠᠷᠠᠭ᠎ᠠ ᠨᠢ ᠲᠡᠬᠦᠨ ᠤ ᠶᠠᠪᠤᠴᠠ ᠶᠢᠨ ᠲᠣᠬᠠᠢ ᠶᠠᠷᠢᠰᠤᠭᠠᠢ᠃ |