题名 |
ᠤᠯᠠᠮᠵᠢᠯᠯᠠᠲᠤ ᠪᠠᠶ ᠠ ᠲᠠᠮᠢᠷ ᠢᠢᠡᠷ ᠰᠲ᠋ᠢᠯᠢ ᠪᠣᠯᠭᠠᠭᠰᠠᠨ ᠨᠡᠭᠦᠳᠡᠯ ᠰᠣᠶᠣᠯ ᠤᠨ ᠲᠣᠬᠠᠢ—ᠮᠣᠩᠭᠤᠯ ᠪᠦᠭᠡ ᠪᠡᠷ ᠵᠢᠱᠢᠶᠡᠯᠡᠬᠦ ᠨᠢ |
作者 |
ᠭᠡᠰᠢᠭᠵᠢᠷᠭᠠᠯ |
关键词 |
ᠤᠯᠠᠮᠵᠢᠯᠠᠯᠲᠤ ᠪᠡᠶ ᠡ ᠲᠠᠮᠢᠷ; ᠨᠡᠭᠦᠳᠡᠯ ᠰᠣᠶᠣᠯ; ᠮᠣᠩᠭᠤᠯ ᠦᠨᠳᠦᠰᠦᠲᠡᠨ; ᠪᠦᠬᠡ; ᠤᠯᠠᠮᠵᠢᠯᠠᠠ ᠬᠦᠭᠵᠢᠬᠦᠯᠬᠦ |
摘要 |
ᠮᠠᠨ ᠤ ᠤᠯᠤᠰ ᠲᠤ ᠮᠣᠩᠭᠤᠯ ᠮᠠᠶᠢᠭ ᠤᠨ ᠪᠦᠬᠡ ᠪᠠᠷᠢᠯᠳᠤᠬᠤ ᠵᠢ ᠪᠦᠬᠡ ᠭᠡᠵᠦ ᠲᠦᠷᠢᠮᠵᠢᠬᠦᠯᠦᠨ ᠲᠠᠭᠤᠳᠠᠵᠤ ᠪᠣᠢ᠃ ᠪᠦᠬᠡ ᠨᠢ ᠮᠣᠩᠭᠤᠯᠴᠤᠳ ᠤᠨ ᠡᠳᠦᠷ ᠲᠣᠳᠤᠮ ᠤ ᠠᠮᠢᠳᠤᠷᠠᠯ ᠲᠤᠮᠳᠠ ᠲᠠᠰᠤᠷᠠᠯᠲᠠ ᠦᠭᠡᠢ ᠪᠠᠶᠠᠯᠢᠭᠵᠢᠨ ᠲᠡᠭᠦᠯᠳᠡᠷᠵᠢᠵᠦ᠂ ᠠᠭᠠᠵᠢᠮ ᠢᠢᠡᠷ ᠪᠦᠬᠦ ᠠᠷᠠᠳ ᠤᠨ ᠲᠤᠮᠳᠠ ᠲᠡᠭᠡᠮᠡᠯᠵᠢᠯᠡᠭᠳᠡᠵᠦ᠂ ᠡᠯ ᠠ ᠦᠨᠳᠦᠰᠦᠲᠡᠨ ᠤ ᠠᠷᠠᠳ ᠲᠦᠮᠡᠨ ᠴᠦᠮ ᠪᠠᠬᠠᠷᠬᠠᠨ ᠣᠷᠤᠯᠴᠠᠳᠠᠭ ᠪᠡᠶ ᠡ ᠲᠠᠮᠢᠷ ᠤᠨ ᠬᠦᠳᠡᠯᠭᠡᠭᠡᠨ ᠪᠣᠯᠵᠤ ᠬᠦᠭᠵᠢᠵᠦ ᠪᠠᠢᠨ᠎ᠠ᠃ ᠮᠣᠩᠭᠤᠯ ᠦᠨᠳᠦᠰᠦᠲᠡᠨ ᠤ ᠤᠯᠠᠮᠵᠢᠯᠠᠯᠲᠤ ᠪᠦᠬᠡ ᠶᠢᠨ ᠰᠣᠶᠣᠯ ᠪᠣᠯ ᠮᠣᠩᠭᠤᠯ ᠰᠣᠶᠣᠯ ᠤᠨ ᠴᠢᠬᠤᠯᠠ ᠪᠦᠷᠢᠯᠳᠦᠭᠦᠨ ᠬᠡᠰᠡᠭ ᠮᠦᠨ᠃ᠮᠣᠩᠭᠤᠯ ᠰᠣᠶᠣᠯ ᠢ ᠤᠢᠯᠠᠭᠠᠵᠤ ᠲᠠᠨᠢᠬᠤ ᠪᠠ ᠰᠣᠳᠤᠯᠵᠤ ᠰᠢᠨᠵᠢᠯᠡᠬᠦ ᠳ᠋ᠤ ᠮᠣᠩᠭᠤᠯ ᠦᠨᠳᠦᠰᠦᠲᠡᠨ ᠤ ᠪᠦᠭᠡ ᠶᠢᠨ ᠰᠣᠶᠣᠯ ᠢ ᠣᠷᠬᠢᠭᠠᠳ ᠮᠣᠩᠭᠤᠯ ᠰᠣᠶᠣᠯ ᠢ ᠤᠢᠯᠠᠭᠠᠬᠤ ᠪᠣᠯᠤᠮᠵᠢ ᠦᠭᠡᠢ ᠶᠣᠮ᠃ ᠣᠳᠤᠬᠠᠨ ᠳ᠋ᠤ ᠮᠠᠨ ᠤ ᠣᠷᠤᠨ ᠶᠠᠭ《ᠰᠣᠶᠣᠯ ᠤᠨ ᠬᠦᠴᠦᠷᠭᠡᠭ ᠣᠷᠤᠨ》 ᠤ ᠪᠠᠢᠭᠤᠯᠤᠯᠲᠠ ᠵᠢ ᠠᠬᠢᠭᠤᠯᠵᠤ ᠪᠠᠢᠬᠤ ᠲᠠᠰᠢᠷᠠᠮ ᠳ᠋ᠤ᠂ ᠪᠦᠬᠡ ᠶᠢᠨ ᠰᠣᠳᠣᠯᠣᠯ ᠳ᠋ᠤ ᠳ᠋ᠦᠩᠨᠡᠯᠲᠡ ᠪᠡ ᠡᠷᠬᠢᠴᠡᠭᠦᠯᠦᠯ ᠬᠢᠵᠦ᠂ ᠡᠭᠦᠨ ᠳ᠋ᠡᠭᠡᠨ ᠰᠠᠭᠤᠷᠢᠯᠠᠨ ᠪᠦᠭᠡ ᠶᠢᠨ ᠰᠣᠳᠤᠯᠭᠠᠨ ᠤ ᠬᠦᠭᠵᠢᠯᠲᠡ ᠶᠢᠨ ᠬᠠᠨᠳᠤᠰᠢ ᠪᠠ ᠢᠡᠷᠭᠡᠳᠦᠢ ᠶᠢᠨ ᠪᠠᠢᠳᠠᠯ ᠢ ᠪᠠᠷᠠᠯᠠᠵᠤ᠂ ᠪᠦᠬᠷ ᠶᠢᠨ ᠰᠣᠳᠤᠯᠭᠠᠨ ᠵᠢᠴᠢ ᠪᠦᠬᠦᠢᠯᠡ ᠮᠣᠩᠭᠤᠯ ᠰᠣᠶᠣᠯ ᠤᠨ ᠰᠣᠳᠤᠯᠭᠠᠨ ᠳ᠋ᠤ ᠦᠴᠦᠭᠡᠨ ᠴᠣ ᠭᠡᠰᠡᠨ ᠰᠢᠨ᠎ᠠ ᠨᠡᠮᠡᠷᠢ ᠦᠵᠡᠭᠦᠯᠬᠦ ᠵᠢ ᠵᠣᠷᠢᠪᠠ᠃ |
原文 |
查看原文
|
出自 |
内蒙古师范大学学报
2013年
第4期
|