摘要 |
ᠴᠢᠨᠴᠢᠨᠬᠤᠷᠯᠤ ᠶᠢᠨ 《ᠭᠠᠰᠢᠭᠤᠨ ᠤ ᠲᠤᠳᠤᠷᠠᠬᠢ ᠲᠡᠯᠴᠢᠯᠡᠭᠴᠢ ᠬᠡᠮᠡᠬᠦ ᠦᠯᠢᠭᠡᠷ》 ᠪᠣᠯ ᠮᠣᠩᠭᠤᠯ ᠤᠷᠠᠨ ᠵᠣᠬᠢᠶᠠᠯ ᠤᠨ ᠠᠩᠬᠠᠳᠤᠭᠴᠢ ᠣᠳᠣ ᠦᠶ ᠠ ᠶᠢᠨ ᠠᠬᠤᠢᠴᠢ ᠦᠵᠡᠯ ᠤᠨ ᠦᠯᠢᠭᠡᠷ ᠤᠨ ᠵᠣᠬᠢᠶᠠᠯ ᠪᠣᠯᠤᠨ᠎ᠠ᠃1940ᠣᠨ ᠳ᠋ᠤ《ᠤᠯᠠᠭᠠᠨ ᠪᠠᠷᠰ》 ᠰᠡᠳᠬᠦᠯ ᠳ᠋ᠤ ᠨᠡᠢᠲᠡᠯᠡᠭᠳᠡᠵᠡᠢ᠃ ᠵᠣᠬᠢᠶᠠᠭᠴᠢ ᠶᠢᠨ ᠤᠷᠤᠰᠢᠯ ᠳᠠᠭᠠᠨ ᠬᠡᠳᠦᠢᠪᠡᠷ ᠡᠨᠡ ᠵᠣᠬᠢᠶᠠᠯ ᠢᠢᠡᠨ 1920 ᠭᠠᠳ ᠤᠨ ᠳ᠋ᠤ ᠪᠢᠴᠢᠭᠰᠡᠨ ᠭᠡᠵᠦ ᠲᠡᠮᠳᠡᠭᠯᠡᠭᠰᠡᠨ ᠪᠣᠯᠪᠠᠴᠦ ᠨᠡᠡ ᠨᠢ ᠯᠠᠪᠳᠠᠭᠤᠨ ᠦᠭᠡᠢ᠃ ᠲᠡᠷᠡ ᠨᠢ ᠮᠣᠩᠭᠤᠯ ᠤᠨ ᠠᠩᠬᠠᠳᠤᠭᠠᠷ ᠲᠤᠭᠤᠷᠢᠯ ᠤᠨ ᠵᠣᠬᠢᠶᠠᠯ ᠮᠦᠨ ᠭᠡᠵᠦ ᠬᠡᠯᠡᠬᠦ ᠳ᠋ᠤ ᠲᠡᠢᠮᠦ ᠯᠠᠪᠲᠠᠢ ᠪᠢᠰᠢ ᠪᠣᠯᠪᠠᠴᠦ ᠲᠡᠭᠦᠨ ᠳ᠋ᠤ ᠮᠣᠩᠭᠤᠯ ᠤᠷᠠᠨ ᠵᠣᠬᠢᠶᠠᠯ ᠤᠨ ᠲᠡᠦᠬᠡᠨᠠ ᠬᠦᠮᠦᠰ ᠤᠨ ᠠᠩᠬᠠᠷᠤᠯ ᠢ ᠲᠠᠲᠠᠬᠤ ᠠᠷᠪᠢᠨ ᠣᠨᠴᠠᠯᠢᠭ ᠪᠦᠬᠦᠢ ᠵᠣᠬᠢᠶᠠᠯ ᠪᠣᠯᠬᠤ ᠨᠢ ᠯᠠᠪᠲᠠᠢ᠃ ᠲᠡᠷᠡ ᠨᠢ ᠦᠪᠦᠷ ᠮᠣᠩᠭᠤᠯ ᠤᠨ ᠤᠷᠠᠨ ᠵᠣᠬᠢᠶᠠᠯ ᠤᠨ ᠲᠡᠦᠬᠡᠨ ᠳ᠋ᠡᠬᠢ ᠠᠩᠬᠠᠳᠠᠭᠴᠢ ᠣᠳᠣᠬᠢᠴᠢ ᠮᠠᠶᠢᠭ ᠲᠰᠢ ᠦᠯᠢᠭᠡᠷ ᠤᠨ ᠵᠣᠬᠢᠶᠠᠯ ᠢᠢᠡᠷ ᠦᠯᠦ ᠪᠠᠷᠠᠮ᠂ ᠨᠠᠴᠣᠭᠲᠤᠷᠵᠢ ᠶᠢᠨ ᠨᠦᠯᠦᠭᠡ ᠪᠦᠬᠦᠢ ᠠᠯᠳᠠᠷᠲᠤ ᠵᠣᠬᠢᠶᠠᠯ ᠢ ᠲᠠᠷᠠᠭᠠᠯᠠᠵᠤ ᠮᠠᠭᠠᠳ ᠦᠭᠡᠢ᠃ |