摘要 |
ᠲᠢᠭ᠌ ᠮᠠᠶᠢ᠍ᠭ ᠪᠤᠯ ᠤᠷᠠᠨ ᠵᠤᠬᠢᠶᠠᠯ ᠤᠨ ᠤᠯᠠᠮᠵᠢᠯᠠᠯ ᠤᠨ ᠴᠢᠬᠤᠯᠠ ᠠᠭᠤᠯᠭ᠎ᠠ ᠪᠤᠯᠤᠨ᠎ᠠ᠃ ᠦᠨᠳᠦᠰᠦᠳᠡᠨ ᠦ ᠰᠢᠨᠵᠢ ᠨᠢ ᠲᠢᠭ᠌ ᠮᠠᠶᠢ᠍ᠭ᠍ ᠵᠢᠴᠢ ᠲᠡᠭᠦᠨ ᠦ ᠭᠠᠷᠵᠤᠭ᠋ᠯᠠᠭᠰᠠᠨ ᠦᠨᠳᠦᠰᠦᠳᠡᠨ ᠦ ᠰᠤᠶᠤᠯ ᠰᠡᠳᠬᠢᠴᠡ ᠳᠤ ᠲᠦᠪᠯᠡᠷᠡᠩᠭᠦᠢ ᠢᠯᠡᠷᠡᠵᠦ ᠪᠠᠢ᠌ᠳᠠᠭ᠃ ᠤᠳᠤ ᠦᠶ ᠡ ᠶᠢᠨ ᠮᠣᠩᠭᠣᠯ ᠰᠢᠯᠦᠭ ᠨᠢ ᠦᠨᠳᠦᠰᠦᠳᠡᠨ ᠦ ᠤᠷᠠᠨ ᠵᠤᠬᠢᠶᠠᠯ ᠤᠨ ᠤᠯᠠᠮᠵᠢᠯᠠᠯ ᠂ ᠢᠯᠩᠭ᠋ᠤᠶ ᠠ ᠠᠷᠠᠳ ᠤᠨ ᠠᠮᠠᠨ ᠵᠤᠬᠢᠶᠠᠯ ᠤᠨ ᠤᠯᠠᠮᠵᠢᠯᠠᠯ ᠳᠤ ᠦᠨᠳᠦᠰᠦᠯᠡᠭᠰᠡᠨ ᠶᠤᠮ ᠃ ᠡᠨᠡ ᠨᠢ ᠲᠢᠭ᠌ ᠮᠠᠶᠢ᠍ᠭ ᠤᠨ ᠤᠯᠠᠮᠵᠢᠯᠠᠭᠳᠠᠯ ᠳᠡᠭᠡᠷ ᠡ ᠲᠤᠳᠤᠷᠬᠠᠢ ᠢᠯᠡᠷᠡᠯ ᠲᠠᠢ ᠃ ᠲᠢᠭ᠌ ᠮᠠᠶᠢ᠍ᠭ ᠤᠨ ᠨᠡᠩ ᠭᠦᠨ ᠳᠠᠪᠬᠤᠷᠭ᠎ᠠ ᠶᠢᠨ ᠠᠰᠠᠭᠤᠳᠠᠯᠥ ᠪᠤᠯ ᠵᠤᠬᠢᠶᠠᠨ ᠪᠠᠢ᠌ᠭᠤᠯᠬᠤ ᠬᠡᠯᠪᠡᠷᠢ ᠂ ᠤᠪᠤᠷ ᠰᠡᠳᠬᠢᠯᠭᠡ ᠶᠢᠨ ᠬᠡᠯᠪᠡᠷᠢ᠂ ᠳᠠᠭᠠᠮᠠᠭᠯᠠᠨ ᠪᠤᠳᠤᠯᠳᠠ ᠶᠢᠨ ᠬᠡᠯᠪᠡᠷᠢ ᠵᠢᠴᠢ ᠤᠯᠠᠮᠵᠢᠯᠠᠨ ᠰᠤᠨᠢᠷᠬᠠᠬᠤ ᠳᠠᠳᠬᠠᠯ ᠵᠡᠷᠭᠡ ᠪᠤᠯᠤᠨ᠎ᠠ᠃ ᠥᠭᠥᠯᠡᠯ ᠳᠤ ᠭᠤᠤᠯᠳᠠᠭᠤ ᠡᠮᠤᠨᠡᠬᠢ ᠭᠤᠷᠪᠡᠨ ᠠᠰᠠᠭᠤᠳᠠᠯ ᠢ ᠠᠪᠴᠤ ᠶᠠᠷᠢᠯᠴᠠᠪᠠ᠃ |