摘要 |
ᠬᠤᠷᠴᠢᠨ ᠦ ᠬᠡᠦᠬᠡᠳ ᠤᠨ ᠭᠠ ᠨᠠᠭᠠᠳᠬᠤ ᠶᠤᠰᠤᠨ ᠪᠤᠯ ᠬᠤᠷᠴᠢᠨ ᠰᠤᠶᠤᠯ ᠤᠨ ᠲᠦᠷᠦᠳᠡᠰᠦ ᠪᠤᠯᠬᠤ ᠶᠤᠮ᠃ ᠬᠡᠪᠡᠴᠤ ᠳᠡᠷᠡ ᠨᠢ ᠬᠦᠭ᠍ᠵᠢᠯ ᠤᠨ ᠶᠠᠪᠤᠴᠠ ᠳ᠋ᠠᠭᠠᠨ ᠬᠤᠷᠴᠢᠨ ᠦ ᠡᠯ ᠡ ᠤᠷᠤᠨ ᠨᠤᠳᠤᠭ ᠲᠤ ᠨᠠᠭᠠᠳᠤᠮ ᠤᠨ ᠠᠷᠭ᠎ᠠ ᠬᠡᠯᠪᠡᠷᠢ ᠨᠢ ᠪᠠᠬᠠᠨ ᠬᠤᠪᠢᠯᠪᠤᠷᠢ ᠲᠠᠢ ᠪᠤᠯᠪᠠ᠃ ᠬᠤᠷᠴᠢᠨ ᠦ ᠬᠡᠦᠬᠡᠳ ᠤᠨ ᠭᠠ ᠨᠠᠭᠠᠳᠬᠤ ᠶᠤᠰᠤᠨ ᠪᠤᠯ ᠮᠠᠨ ᠦ ᠮᠣᠩᠭᠣᠯ ᠦᠨᠳᠦᠰᠦᠳᠡᠨ ᠦ ᠰᠤᠶᠤᠯ ᠤᠨ ᠴᠢᠬᠤᠯᠠ ᠨᠢᠭᠡ ᠪᠦᠷᠢᠯᠳᠦᠭᠦᠨ ᠬᠡᠰᠡᠭ᠂ ᠤᠯᠠᠮᠵᠢᠯᠠᠯᠲᠤ ᠰᠤᠶᠤᠯ ᠤᠨ ᠡᠷᠬᠢᠮ ᠨᠠᠨᠳᠢᠨ ᠦᠪ ᠮᠦᠨ᠃ ᠡᠨᠳᠡ ᠭᠤᠤᠯᠳᠠᠭᠤ ᠭᠠ ᠨᠠᠭᠠᠳᠬᠤ ᠶᠤᠰᠤᠨ ᠳᠡᠬᠢ ᠤᠷ ᠠ ᠳᠠᠮ ᠪᠠ ᠲᠤᠭᠳᠠᠭᠠᠯ ᠵᠢᠷᠤᠮ᠂ ᠭᠠ ᠨᠠᠭᠠᠳᠬᠤ ᠶᠤᠰᠤᠨ ᠳᠡᠬᠢ ᠤᠶᠤᠨ ᠤᠬᠠᠭᠠᠨ ᠪᠠ ᠢᠳᠡ ᠬᠦᠴᠦᠨ ᠦ ᠡᠯᠸᠮᠸᠨ᠋ᠲ᠂ ᠭᠠ ᠨᠠᠭᠠᠳᠬᠤ ᠶᠤᠰᠤᠨ ᠳᠡᠬᠢ ᠲᠤᠭ᠎ᠠ ᠬᠡᠮᠵᠢᠶᠡᠨ ᠦ ᠤᠬᠠᠭᠠᠨ ᠪᠠ ᠤᠷᠤᠨ ᠵᠠᠢ ᠶᠢᠨ ᠤᠢ᠌ᠯᠠᠭᠠᠭᠳᠠᠬᠤᠨ᠂ ᠭᠠ ᠨᠠᠭᠠᠳᠬᠤ ᠶᠤᠰᠤᠨ ᠳᠡᠬᠢ ᠲᠤᠰᠪᠤᠷᠢ ᠴᠢᠨᠠᠷ᠂ ᠬᠦᠳᠡᠯᠬᠡᠬᠡᠨᠳᠦ ᠴᠢᠨᠠᠷ ᠤᠨ ᠡᠯᠸᠮᠸᠨ᠋ᠲ ᠂ ᠭᠠ ᠨᠠᠭᠠᠳᠬᠤ ᠶᠤᠰᠤᠨ ᠳᠡᠬᠢ ᠢᠯᠠᠯᠲᠠ ᠪᠠ ᠢᠯᠠᠭᠳᠠᠯ ᠤᠨ ᠭᠦᠨ ᠤᠬᠠᠭᠠᠨ ᠦ ᠡᠯᠸᠮᠸᠨ᠋ᠲ ᠬᠡᠭᠦ ᠳᠠᠪᠤᠨ ᠲᠠᠯ ᠠ ᠪᠠᠷ ᠬᠤᠷᠴᠢᠨ ᠦ ᠬᠡᠦᠬᠡᠳ ᠤᠨ ᠭᠠ ᠨᠠᠭᠠᠳᠬᠤ ᠶᠤᠰᠤᠨ ᠢ ᠵᠠᠳᠠᠯᠤᠨ ᠰᠢᠨᠵᠢᠯᠡᠪ᠃ |