摘要 |
ᠮᠣᠩᠭᠤᠯ ᠦᠨᠳᠦᠰᠦᠲᠡᠨ ᠤ ᠤᠷᠠᠨ ᠵᠣᠬᠢᠶᠠᠯ ᠤᠨ ᠤᠨᠤᠯᠴᠢ᠂ ᠶᠡᠬᠡ ᠡᠷᠲᠡᠮᠲᠡᠨ ᠬᠠᠰᠪᠤ《ᠤᠯᠠᠭᠠᠨ ᠠᠰᠠᠷ ᠤᠨ ᠵᠡᠭᠦᠳᠦᠨ》 ᠴᠣᠬᠤᠯᠠᠨ ᠣᠷᠴᠢᠭᠤᠯᠬᠤ ᠲᠤᠮᠳᠠ ᠪᠠᠨ ᠤᠷᠠᠨ ᠵᠣᠬᠢᠶᠠᠯ ᠤᠨ ᠤᠨᠤᠯ ᠤᠨ ᠲᠠᠯ ᠠ ᠪᠡᠷ ᠤᠯᠠᠨ ᠠᠷᠪᠢᠨ ᠪᠦᠲᠦᠭᠡᠯᠲᠡ ᠪᠦᠬᠦᠢ ᠲᠤᠷᠠᠳᠤᠯᠭ᠎ᠠ ᠵᠢ ᠲᠤᠷᠠᠳᠤᠵᠤ ᠮᠠᠨ ᠤ ᠦᠨᠳᠦᠰᠦᠲᠡᠨ ᠤ ᠪᠠᠨ ᠤᠷᠠᠨ ᠵᠣᠬᠢᠶᠠᠯ ᠤᠨ ᠤᠨᠤᠯ ᠤᠨ ᠰᠣᠳᠤᠯᠭᠠᠨ ᠳᠤ ᠭᠠᠢᠬᠠᠮᠰᠢᠭᠲᠤ ᠬᠤᠪᠢ ᠨᠡᠮᠡᠭᠦᠷᠢ ᠪᠠᠨ ᠦᠵᠡᠭᠦᠯᠵᠡᠢ᠃ ᠡᠨᠳᠡ ᠵᠦᠪᠬᠡᠨ ᠲᠡᠭᠦᠨ ᠤ ᠲᠤᠷᠠᠳᠤᠭᠰᠠᠨ᠂ ᠵᠣᠬᠢᠶᠠᠨ ᠪᠦᠲᠦᠭᠡᠬᠦ ᠠᠷᠭ᠎ᠠ ᠪᠠᠷᠢᠯ ᠢ ᠨᠣᠮ ᠤᠨ ᠭᠠᠷᠤᠭᠰᠠᠨ ᠲᠠᠷᠠᠭᠠᠯᠠᠯ ᠢᠢᠡᠷ ᠨᠢ ᠵᠢᠭᠰᠠᠭᠠᠪᠠ᠃1975 ᠣᠨ ᠳᠤ ᠦᠪᠦᠷ ᠮᠣᠩᠭᠤᠯ ᠤᠨ ᠶᠡᠬᠡ ᠰᠤᠷᠭᠠᠭᠤᠯᠢ ᠡᠴᠡ ᠬᠡᠪᠯᠡᠭᠦᠯᠦᠭᠰᠡᠨ《ᠤᠯᠠᠭᠠᠨ ᠠᠰᠠᠷ ᠤᠨ ᠵᠡᠭᠦᠳᠦ》ᠭᠡᠳᠡᠭ ᠨᠣᠮ ᠢᠢᠡᠷ ᠯᠠᠪᠯᠠᠬᠤ ᠪᠠᠷᠢᠮᠲᠠ ᠪᠣᠯᠭᠠᠭᠰᠠᠨ ᠪᠦᠭᠡᠳ ᠨᠢᠭᠤᠷ ᠤᠨ ᠲᠤᠭ᠎ᠠ ᠵᠢ ᠬᠠᠭᠠᠯᠲᠠ ᠳ᠋ᠤ ᠲᠠᠭᠠᠯᠳᠤᠭᠤᠯᠪᠠ᠃ |