摘要 |
ᠠᠷᠪᠠᠨ ᠶᠢᠰᠦᠳᠦᠭᠡᠷ ᠵᠠᠭᠤᠨ ᠤ ᠲᠤᠮᠳᠠᠴᠢ ᠰᠡᠭᠦᠯᠴᠢ ᠶᠢᠨ ᠲᠡᠦᠬᠡᠲᠦ ᠱᠠᠲᠤ ᠦᠶ ᠠ ᠪᠣᠯ ᠮᠠᠨ ᠤ ᠮᠣᠩᠭᠤᠯ ᠦᠨᠳᠦᠰᠦᠲᠡᠨ ᠤ ᠤᠳᠬ ᠠ ᠵᠣᠬᠢᠶᠠᠯ ᠤᠨ ᠬᠦᠭᠵᠢᠨ ᠪᠠᠳᠠᠷᠠᠭᠰᠠᠨ ᠱᠠᠲᠦ ᠦᠶ ᠡ ᠪᠦᠭᠡᠳ ᠨᠢᠭᠡᠨ ᠦᠰᠦᠷᠦᠯᠲᠡ ᠶᠢᠨ ᠱᠠᠲᠦ ᠦᠶ ᠠ ᠪᠣᠯᠤᠨ᠎ᠠ᠃ ᠨᠡᠩ ᠢᠯᠠᠩᠭᠤᠶ ᠠ ᠮᠣᠩᠭᠤᠯ ᠢᠷᠠᠭᠤᠤ ᠨᠠᠢᠷᠠᠭ ᠤᠨ ᠲᠠᠯ ᠠ ᠪᠡᠷ ᠪᠣᠯ ᠨᠢᠭᠡ ᠣᠷᠬᠢᠯ ᠭᠡᠵᠦ ᠪᠣᠯᠬᠤ ᠶᠣᠮ᠃ ᠤᠴᠢᠷ ᠨᠢ ᠡᠨᠡ ᠬᠦ ᠲᠡᠦᠬᠡᠨ ᠱᠠᠲᠤ ᠦᠶ ᠡ ᠳ᠋ᠤ ᠮᠠᠨ ᠤ ᠮᠣᠩᠭᠤᠯ ᠦᠨᠳᠦᠰᠦᠲᠡᠨ ᠳ᠋ᠤ ᠬᠠᠰᠪᠤ᠂ ᠢᠨᠨᠵᠠᠨᠨᠠᠰᠢ;ᠬᠦᠯᠡᠷᠠᠨᠽᠠ᠂ᠬᠦᠩᠨᠡᠴᠦᠭᠡ᠂ᠰᠦᠩᠸᠡᠢᠳᠠᠨᠴᠦᠩ᠂ ᠴᠣᠢᠪᠠᠩ ᠬᠡᠰᠢᠭᠪᠠᠲᠤ᠂ ᠢᠰᠢᠳᠠᠨᠵᠠᠨᠸᠠᠩᠵᠢᠯ ᠂ᠭᠠᠮᠠᠯ ᠬᠢᠭᠡᠳ ᠬᠠᠯ ᠠ ᠮᠣᠩᠭᠤᠯ ᠤᠨ ᠲᠠᠪᠤᠳᠤᠭᠠᠷ ᠨᠤᠶᠠᠨ ᠤ ᠬᠤᠲᠤᠭᠲᠤ ᠷᠠᠪᠵᠠᠢ᠂ ᠢᠰᠢᠰᠠᠩᠪᠤᠤ᠂ ᠰᠠᠩᠳᠠᠭ᠂ᠬᠡᠯᠢᠭᠪᠠᠯᠰᠠᠩ ᠵᠡᠷᠭᠡ ᠨᠡᠯᠢᠶᠡᠳ ᠤᠯᠠᠨ ᠢᠷᠠᠭᠤ ᠨᠠᠢᠷᠠᠭᠴᠢᠨ ᠪᠤᠢ ᠪᠣᠯᠵᠤ᠂ ᠲᠡᠳᠡᠨᠡᠷ ᠲᠤᠰ ᠲᠤᠰ ᠤᠨ ᠬᠡᠪ ᠨᠠᠮᠪᠠ ᠲᠠᠢ ᠲᠠᠭᠤᠤ ᠰᠢᠯᠦᠭ᠂ ᠬᠤᠯᠪᠤᠭ᠎ᠠ ᠮᠠᠭᠳᠠᠭᠠᠯ ᠢᠢᠡᠷ ᠢᠢᠡᠨ ᠤᠳᠬ ᠠ ᠵᠣᠬᠢᠶᠠᠯ ᠤᠨ ᠦᠵᠡᠯᠲᠡᠨ ᠪᠠᠨ ᠪᠠᠷᠢᠮᠲᠠᠯᠠᠵᠦ᠂ ᠬᠤᠪᠢ ᠬᠤᠪᠢ ᠶᠢᠨ ᠠᠪᠢᠶᠠᠰ ᠪᠢᠯᠢᠭ ᠤᠷᠠᠨ ᠴᠢᠳᠠᠪᠤᠷᠢ ᠪᠡᠷ ᠢᠢᠡᠨ ᠲᠣᠬᠠᠢ ᠶᠢᠨ ᠦᠶ ᠠ ᠶᠢᠨ ᠠᠷᠠᠳ ᠤᠨ ᠠᠮᠢᠳᠤᠷᠠᠯ ᠢ ᠲᠤᠰᠬᠠᠵᠤ ᠨᠡᠢᠭᠡᠮ ᠤᠨ ᠡᠮᠵᠢᠭ ᠢ ᠰᠢᠬᠦᠮᠵᠢᠯᠡᠵᠦ᠂ ᠦᠨᠡᠬᠡᠷ ᠨᠢᠭᠡᠨ ᠦᠩᠭᠡ ᠶᠢᠨ ᠴᠡᠴᠡᠭ ᠰᠤᠯᠤᠩᠠᠷᠠᠨ ᠲᠡᠯᠭᠡᠷᠡᠭᠰᠡᠨ ᠴᠣ ᠰᠢᠨ ᠡ ᠪᠠᠢᠳᠠᠯ ᠢ ᠪᠤᠢ ᠪᠣᠯᠭᠠᠪᠠ᠃ ᠳᠡᠲᠡᠨᠡᠷ ᠤᠨ ᠦᠩᠬᠡ ᠬᠢᠯᠪᠠᠭ᠎ᠠ ᠰᠠᠴᠤᠷᠠᠵᠤ ᠪᠦᠬᠦᠢ ᠤᠷᠠᠨ ᠨᠠᠢᠷᠠᠭ ᠨᠢ ᠮᠠᠨ ᠤ ᠮᠣᠩᠭᠤᠯ ᠦᠨᠳᠦᠰᠦᠲᠡᠨ ᠤ ᠤᠳᠬ ᠠ ᠵᠣᠬᠢᠶᠠᠯ ᠤᠨ ᠲᠡᠦᠬᠡᠨᠠ ᠦᠯᠡᠳᠡᠭᠳᠡᠵᠦ᠂ ᠦᠶ ᠠ ᠶᠢᠨ ᠦᠶ ᠡ ᠳ᠋ᠤ ᠦᠩᠬᠡ ᠬᠢᠯᠪᠠᠭ᠎ᠠ ᠪᠠᠨ ᠠᠯᠳᠠᠬᠤ ᠦᠭᠡᠢ᠂ ᠦᠷ ᠡ ᠠᠴᠢᠨᠠᠷ ᠤᠨ ᠢᠢᠡᠨ ᠤᠢ ᠪᠢᠯᠢᠭ ᠢ ᠰᠡᠷᠭᠦᠭᠡᠬᠦ ᠰᠣᠶᠣᠯ ᠤᠨ ᠦᠪ ᠪᠣᠯᠤᠨ ᠦᠯᠡᠳᠡᠪᠡ᠃ ᠲᠡᠭᠦᠨ ᠤ ᠲᠤᠳᠤᠷ ᠠ ᠡᠴᠨ ᠣᠨᠴᠠᠭᠤᠢᠯᠠᠨ ᠦᠭᠦᠯᠡᠬᠦ ᠪᠡᠯ ᠲᠣᠬᠠᠢ ᠶᠢᠨ ᠦᠶ ᠠ ᠶᠢᠨ ᠢᠷᠠᠭᠤ ᠨᠠᠢᠷᠠᠭ ᠤᠨ ᠲᠠᠪᠴᠠᠩ ᠲᠡᠭᠡᠷ ᠡ ᠤᠷᠤᠰᠢᠵᠤ ᠪᠠᠢᠭᠰᠠᠨ ᠬᠤᠶᠠᠷ ᠶᠡᠬᠡ ᠤᠷᠤᠰᠬᠠᠯ ᠪᠦᠯᠦᠭ ᠪᠣᠯᠬᠤ ᠤᠯᠠᠮᠵᠯᠠᠯᠲᠤ ᠪᠦᠯᠦᠭ——《ᠬᠡᠰᠢᠭᠪᠠᠲᠤ—— ᠢᠰᠢᠳᠠᠨᠵᠠᠨᠸᠠᠨᠵᠢᠯ ᠤᠨ ᠤᠷᠤᠰᠬᠠᠯ ᠪᠦᠯᠢᠭ》ᠬᠢᠭᠡᠳ ᠡᠭᠦᠳᠦᠨ ᠰᠢᠨᠡᠳᠭᠡᠬᠦ ᠪᠦᠯᠦᠭ——《ᠢᠨᠵᠠᠨᠨᠠᠰᠢ᠂ᠬᠡᠯᠡᠷᠡᠨᠽᠠ》 ᠶᠢᠨ ᠪᠦᠯᠦᠭ ᠪᠣᠯᠤᠨ᠎ᠠ᠃ ᠡᠭᠦᠨ ᠳ᠋ᠤ ᠶᠠᠭᠤᠨ ᠤ ᠤᠷᠢᠳᠠ᠂ ᠶᠠᠭᠤ ᠵᠢ ᠤᠷᠤᠰᠬᠠᠯ ᠪᠦᠯᠦᠭ ᠭᠡᠬᠦ ᠪᠠ ᠤᠷᠤᠰᠬᠠᠯ ᠪᠦᠯᠦᠭ ᠤᠨ ᠪᠤᠢ ᠪᠣᠯᠤᠭᠰᠠᠨ ᠰᠢᠯᠲᠠᠭᠠᠨ ᠵᠢᠴᠢ ᠲᠡᠭᠦᠨ ᠤ ᠲᠦᠷᠦᠯ ᠵᠦᠢᠯ᠂ ᠤᠳᠬ ᠠ ᠵᠣᠬᠢᠶᠠᠯ ᠳ᠋ᠤ ᠲᠡᠭᠦᠨ ᠢ ᠰᠣᠳᠤᠯᠬᠤ ᠶᠢᠨ ᠠᠴᠢ ᠬᠤᠯᠪᠤᠭᠳᠠᠯ ᠤᠨ ᠲᠣᠬᠠᠢ ᠴᠣᠬᠤᠰ ᠲᠤᠷᠠᠳᠬᠤ ᠴᠢᠬᠤᠯᠠ ᠲᠠᠢ ᠰᠢᠭ᠌ ᠪᠠᠢᠨ᠎ᠠ᠃ ᠤᠴᠷᠢ ᠨᠢ ᠮᠠᠨ ᠤ ᠮᠣᠩᠭᠤᠯ ᠦᠨᠳᠦᠰᠦᠲᠡᠨ ᠤ ᠤᠳᠬ ᠠ ᠵᠣᠬᠢᠶᠠᠯ ᠤᠨ ᠬᠦᠷᠢᠶ ᠡ ᠬᠡᠪᠴᠢᠶᠡᠨᠠ ᠬᠡᠳᠦᠢᠪᠡᠷ ᠤᠷᠤᠰᠬᠠᠯ ᠪᠦᠯᠦᠭ ᠤᠷᠤᠰᠢᠬᠤ ᠰᠢᠭ ᠪᠣᠯᠪᠠᠴᠦ ᠣᠳᠣ ᠪᠣᠯᠳᠠᠯ ᠠ ᠲᠦᠷᠢᠮ ᠶᠣᠰᠤᠭᠠᠷ ᠲᠤᠷᠠᠳᠤᠭᠠᠳᠤᠢ ᠪᠠᠢᠭᠰᠠᠭᠠᠷ ᠪᠢᠯᠡ᠃ |