摘要 |
ᠬᠤᠭᠤᠷ ᠤᠨ ᠦᠯᠢᠭᠡᠷ ᠬᠡᠯᠡᠬᠦ ᠳ᠋ᠤ ᠲᠤᠤᠷ ᠠ ᠬᠦᠭ ᠤᠨ ᠲᠦᠷᠪᠡᠨ ᠤᠲᠠᠰᠤᠲᠤ ᠬᠤᠭᠤᠷ ᠢᠢᠡᠷ ᠬᠠᠪᠰᠤᠷᠭᠠᠨ ᠭᠦᠭᠵᠢᠮᠳᠡᠳᠡᠭ ᠪᠦᠭᠡᠳ ᠲᠡᠷᠡ ᠨᠢ ᠲᠣᠯᠤᠭᠠᠢ᠂ ᠪᠦᠷᠢᠶᠡᠰᠦ᠂ ᠴᠠᠭᠠᠷᠢᠭ᠂ ᠲᠡᠪᠬᠡ᠂ ᠠᠷᠠᠯ᠂ᠵᠠᠯᠭᠠᠭᠠᠤᠷ᠂ ᠴᠢᠬᠢ᠂ ᠤᠳᠠᠰᠤ᠂ ᠲᠠᠲᠠᠭᠤᠷᠭ᠎ᠠ᠂ ᠨᠤᠮᠤ᠂ ᠬᠢᠯᠭᠠᠰᠤ ᠵᠡᠷᠭᠡ ᠡᠴᠡ ᠪᠦᠲᠦᠵᠡᠢ᠃ ᠬᠤᠭᠤᠷ ᠤᠨ ᠪᠦᠲᠦᠴᠡ ᠨᠢ ᠬᠡᠳᠦᠢᠪᠡᠷ ᠲᠦᠬᠦᠮ ᠲᠦᠳᠡ ᠪᠣᠯᠪᠠᠴᠤ ᠲᠡᠭᠦᠨ ᠳ᠋ᠤ ᠡᠳᠦᠢ ᠲᠡᠲᠦᠢ ᠰᠤᠨᠢᠷᠬᠠᠯᠲᠠᠢ ᠰᠠᠢᠬᠠᠨ ᠵᠠᠩ ᠦᠢᠯᠡ ᠬᠤᠯᠪᠤᠭᠳᠠᠵᠤ ᠪᠠᠢᠭ᠎ᠠ ᠶᠣᠮ᠃ ᠲᠣᠬᠠᠢᠯᠠᠪᠠᠯ᠂ ᠬᠤᠭᠤᠷ ᠤᠨ ᠮᠠᠲ᠋ᠸᠷᠢᠶᠠᠯ ᠤᠨ ᠰᠤᠩᠭᠤᠯᠲᠠ ᠡᠴᠡ ᠲᠡᠷᠢᠬᠦᠯᠡᠨ᠂ ᠬᠤᠭᠤᠷ ᠤᠨ ᠠᠮᠢᠯᠠᠭᠤᠯᠤᠯ᠂ ᠬᠤᠭᠤᠷ ᠤᠨ ᠡᠯᠬᠦᠭᠦ ᠤᠷᠤᠨ ᠭᠠᠵᠠᠷ᠂ ᠵᠠᠰᠠᠯ ᠴᠢᠮᠡᠭᠯᠡᠯ ᠳ᠋ᠤ ᠲᠤᠯᠳᠠᠯ ᠠ ᠵᠣᠬᠢᠬᠤ ᠬᠡᠮᠵᠢᠶᠡᠨ ᠤ ᠵᠠᠩ ᠦᠢᠯᠡ ᠬᠤᠯᠪᠤᠭᠳᠠᠵᠤ ᠪᠠᠢᠭ᠎ᠠ ᠪᠡᠷ ᠦᠯᠦ ᠪᠠᠷᠠᠮ᠂ ᠲᠡᠭᠦᠨ ᠳ᠋ᠤ ᠡᠷᠲᠡ ᠦᠶ᠎ᠡ ᠶᠢᠨ ᠮᠣᠩᠭᠤᠯᠴᠤᠳ ᠤᠨ ᠰᠢᠳᠦᠯᠭᠡ ᠪᠢᠰᠢᠷᠡᠯ᠂ ᠰᠣᠶᠣᠯ ᠰᠡᠳᠬᠢᠯᠭᠡᠨ ᠴᠦ ᠲᠤᠰᠬᠠᠭᠳᠠᠵᠤ ᠪᠣᠢ᠃ |