摘要 |
ᠨᠡᠷ ᠡ ᠲᠤᠮᠢᠶ ᠠ ᠪᠣᠯ ᠦᠭᠡ ᠶᠢᠨ ᠰᠠᠩ ᠤᠨ ᠨᠡᠯᠢᠶᠡᠳ ᠪᠣᠯᠪᠠᠰᠤᠷᠠᠭᠰᠠᠨ ᠬᠡᠰᠡᠭ ᠪᠣᠯᠬᠤ ᠪᠦᠭᠡᠳ ᠰᠣᠶᠣᠯ ᠤᠷᠠᠯᠢᠭ᠂ ᠤᠯᠤᠰ ᠲᠦᠷᠦ᠂ ᠡᠳ᠋ ᠤᠨ ᠵᠠᠰᠠᠭ᠂ ᠰᠢᠨᠵᠢᠯᠡᠬᠦ ᠤᠬᠠᠭᠠᠨ ᠲᠸᠭ᠍ᠨᠢᠭ ᠮᠡᠷᠭᠡᠵᠢᠯ ᠤᠨ ᠠᠯᠢ ᠨᠢᠭᠡᠨ ᠰᠠᠯᠪᠤᠷᠢ ᠳ᠋ᠤ ᠲᠤᠭᠲᠠᠮᠠᠯ ᠬᠡᠷᠡᠭᠯᠡᠭᠳᠡᠬᠦ᠂ ᠤᠨᠤᠪᠴᠢᠲᠠᠢ ᠤᠬᠠᠭᠲᠠᠬᠤᠨ ᠢ ᠢᠯᠡᠳᠭᠡᠭᠰᠡᠨ᠂ ᠭᠠᠭᠴᠠ ᠤᠳᠬ ᠠ ᠬᠠᠳᠠᠭᠠᠯᠠᠭᠰᠠᠨ ᠵᠠᠷᠢᠭᠤᠳᠠ ᠪᠣᠯᠪᠠᠰᠤᠷᠠᠭᠤᠯᠤᠨ ᠵᠣᠬᠢᠶᠠᠭᠰᠠᠨ ᠨᠡᠷᠡᠢᠳᠭᠡᠯ ᠦᠭᠡ ᠵᠢ ᠭᠡᠯᠡᠳᠡᠭ᠃ ᠨᠡᠷ ᠡ ᠲᠤᠮᠢᠶ ᠠ ᠨᠢ ᠬᠡᠷᠡᠭᠯᠡᠭᠳᠡᠬᠦ ᠠᠯᠢ ᠨᠢᠭᠡ ᠰᠠᠯᠪᠤᠷᠢ ᠳ᠋ᠠᠭᠠᠨ ᠲᠤᠳᠤᠷᠬᠠᠢ ᠨᠢᠭᠡᠨ ᠤᠳᠬ ᠠ ᠰᠠᠨᠠᠭ᠎ᠠ ᠵᠢ ᠢᠯᠡᠳᠭᠡᠵᠦ᠂ ᠦᠭᠡ ᠨᠠᠢᠷᠠᠭᠤᠯᠭ᠎ᠠ ᠶᠢᠨ ᠬᠤᠪᠢ ᠳ᠋ᠤ ᠠᠵᠠᠭᠠᠷᠯᠠᠭᠳᠠᠬᠤ ᠦᠭᠡᠢ᠂ ᠶᠠᠮᠠᠷ ᠨᠢᠭᠡᠨ ᠰᠠᠨᠠᠭ᠎ᠠ ᠰᠡᠳᠬᠢᠯ ᠤᠨ ᠬᠦᠳᠡᠯᠭᠡᠭᠡᠨ ᠢ ᠢᠯᠡᠳᠭᠡᠬᠦ ᠦᠭᠡᠢᠪᠦᠭᠡᠳ ᠭᠡᠳᠦᠨ ᠦᠭᠡ ᠨᠡᠢᠯᠡᠵᠦ ᠪᠦᠲᠦᠭᠰᠡᠨ ᠨᠡᠷ ᠡ ᠪᠣᠶᠣ ᠨᠢᠭᠡᠨ ᠦᠶ ᠡ ᠡᠴᠡ ᠪᠦᠲᠦᠭᠰᠡᠨ ᠨᠡᠷᠡᠰ ᠲᠤᠤᠭᠠᠲᠤ ᠶᠢᠨ ᠲᠤᠭᠲᠠᠯᠴᠠᠭᠠᠲᠤ ᠴᠢᠨᠠᠷ ᠨᠢ ᠮᠠᠰᠢ ᠨᠡᠷᠢᠨ ᠪᠠᠢᠬᠤ ᠱᠠᠭᠠᠷᠳᠠᠯᠭ᠎ᠠ ᠲᠠᠢ ᠪᠠᠢᠳᠠᠭ᠃ |