摘要 |
ᠣᠠᠬᠠᠷ ᠠᠮᠠᠨ ᠠᠶᠠᠯᠭᠤ ᠪᠣᠯ ᠲᠤᠮᠲᠠᠲᠤ ᠤᠯᠤᠰ ᠲᠡᠬᠢ ᠮᠣᠩᠭᠤᠯ ᠬᠡᠯᠡᠨ ᠤ ᠪᠠᠷᠢᠮᠵᠢᠶ ᠠ ᠠᠪᠢᠶ ᠠ ᠪᠣᠯᠬᠤ ᠶᠣᠮ᠃ ᠤᠯᠤᠰ ᠪᠠᠢᠭᠤᠯᠤᠭᠳᠠᠭᠰᠠᠠ ᠡᠴᠡ ᠨᠠᠰᠢ᠂ ᠲᠤᠮᠳᠠᠳᠤ ᠤᠯᠤᠰ ᠲᠡᠭᠢ ᠮᠣᠩᠭᠤᠯ ᠬᠡᠯᠡᠨ ᠤ ᠪᠠᠷᠢᠮᠵᠢᠶ ᠠ ᠠᠪᠢᠶ ᠠ ᠵᠢ ᠲᠤᠭᠲᠠᠭᠠᠬᠤ ᠱᠠᠭᠠᠷᠳᠠᠯᠭ᠎ᠠ ᠪᠡᠷ ᠮᠠᠨ ᠤ ᠤᠯᠤᠰ ᠤᠨ ᠮᠣᠩᠭᠤᠯ ᠬᠡᠯᠡᠨ ᠤ ᠡᠷᠳᠡᠮᠲᠡᠨ ᠰᠣᠳᠤᠯᠤᠭᠴᠢᠳ ᠴᠠᠬᠠᠷ ᠤᠨ ᠬᠤᠰᠢᠭᠤᠳ ᠳ᠋ᠤ ᠬᠦᠷᠴᠦ ᠢᠯᠠᠩᠭᠤᠶ ᠠ ᠪᠠᠷᠢᠮᠵᠢᠶ ᠠ ᠠᠪᠢᠶᠠᠨ ᠤ ᠲᠦᠯᠦᠭᠡᠯᠡᠭᠴᠢ ᠤᠷᠤᠨ ᠪᠣᠯᠬᠤ ᠰᠢᠯᠤᠭᠤᠨ ᠬᠦᠬᠡ ᠬᠤᠰᠢᠭᠤᠨ ᠳ᠋ᠤ ᠬᠦᠨᠵᠡᠭᠡᠢᠢᠷᠡᠵᠦ᠂ ᠲᠡᠨᠳᠡᠬᠢ ᠮᠣᠩᠭᠤᠯᠴᠤᠳ ᠤᠨ ᠠᠮᠠᠨ ᠶᠠᠷᠢᠶ ᠠ ᠵᠢ ᠤᠯᠠᠨ ᠤᠳᠠᠭ᠎ᠠ ᠪᠴᠢᠴᠠᠭᠠᠵᠤ ᠰᠣᠳᠤᠯᠤᠭᠰᠠᠨ ᠪᠢᠯᠡ᠃ ᠲᠡᠭᠦᠨ ᠤ ᠰᠠᠭᠤᠷᠢᠨ ᠲᠡᠭᠡᠷ ᠡ ᠰᠢᠯᠤᠭᠤᠨ ᠬᠦᠭᠡ ᠬᠤᠰᠢᠭᠤ ᠪᠡᠷ ᠲᠦᠯᠦᠭᠡᠯᠡᠭᠦᠯᠦᠭᠰᠡᠨ ᠴᠠᠬᠠᠷ ᠪᠠᠷᠢᠮᠵᠢᠶ ᠠ ᠠᠪᠢᠶᠠᠨ ᠤ ᠲᠦᠰᠦᠪ ᠢ ᠪᠣᠯᠪᠠᠰᠤᠷᠠᠭᠤᠯᠤᠨ ᠲᠤᠭᠲᠠᠭᠠᠭᠰᠠᠨ ᠪᠦᠭᠡᠳ ᠤᠳᠤ ᠶᠠᠭ ᠲᠦᠭᠡᠮᠡᠯᠵᠢᠭᠦᠯᠵᠦ ᠪᠠᠢᠭ᠎ᠠ ᠦᠶ ᠡ ᠳᠡᠭᠡᠨ ᠪᠠᠢᠨ᠎ᠠ᠃ |