题名 |
ᠪᠦᠬᠦ ᠲᠠᠯ ᠠ ᠪᠡᠷ ᠪᠡᠯᠴᠢᠭᠡᠷᠯᠡᠨ ᠮᠠᠯᠵᠢᠬᠤ ᠵᠢ ᠵᠤᠭᠰᠤᠭᠠᠬᠤ ᠲᠦᠷᠦ ᠶᠢᠨ ᠪᠣᠳᠤᠯᠭ᠎ᠠ ᠶᠢᠨ ᠲᠤᠤᠱᠯᠠᠭᠳᠠᠵᠤ ᠪᠠᠢᠭ᠎ᠠ ᠪᠠᠢᠳᠠᠯ ᠤᠨ ᠲᠣᠬᠠᠢ——ᠲᠠᠷᠬᠠᠨ ᠮᠤᠤᠮᠢᠩᠭᠠᠨ ᠬᠤᠰᠢᠭᠤᠨ ᠤ ᠪᠠᠶᠠᠨᠬᠠᠩᠭᠠᠢ ᠭᠠᠴᠠᠭ᠎ᠠ ᠪᠡᠷ ᠵᠢᠱᠢᠶᠡᠯᠡᠬᠦ ᠨᠢ |
作者 |
ᠲᠢᠶᠸ ᠵᠦ; ᠬᠠᠨ ᠶᠦᠩ ᠮᠧᠢ |
关键词 |
ᠪᠡᠯᠴᠢᠭᠡᠷᠯᠡᠨ ᠠᠮᠯᠵᠢᠬᠤ ᠵᠢ ᠵᠤᠭᠰᠤᠭᠠᠬᠤ; ᠲᠤᠤᠱᠯᠠᠭᠳᠠᠵᠤ ᠪᠠᠢᠭ᠎ᠠ ᠪᠠᠢᠳᠠᠯ; ᠪᠠᠶᠠᠨᠬᠠᠩᠭᠠᠢ ᠭᠠᠴᠠᠭ᠎ᠠ |
摘要 |
ᠲᠦᠪ ᠬᠤᠷᠢᠶ ᠡ ᠪᠣᠯᠤᠨ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠵᠢᠭᠠᠤᠤᠷᠢ ᠪᠡᠷ ᠲᠠᠮᠵᠢᠨ ᠲᠠᠷᠬᠠᠨ ᠮᠤᠤᠮᠢᠩᠭᠠᠨ ᠬᠣᠯᠪᠤᠭᠠᠲᠤ ᠬᠤᠰᠢᠭᠤ ᠪᠦᠬᠦ ᠲᠠ ᠠ ᠪᠡᠷ ᠪᠡᠯᠴᠢᠭᠡᠷᠯᠡᠨ ᠮᠠᠯᠵᠢᠬᠤ ᠵᠢ ᠵᠤᠭᠰᠤᠭᠠᠬᠤ ᠲᠦᠷᠦ ᠶᠢᠨ ᠪᠣᠳᠤᠯᠭ᠎ᠠ ᠵᠢ ᠨᠠᠢᠳᠠᠪᠤᠷᠢᠵᠢᠭᠤᠯᠤᠭᠠᠳ ᠨᠢᠭᠡᠨᠲᠡ ᠲᠠᠪᠤᠨ ᠵᠢᠯ ᠰᠢᠬᠠᠮ ᠪᠣᠯᠵᠠᠢ᠃ ᠡᠨᠡ ᠬᠦ ᠲᠦᠷᠦ ᠶᠢᠨ ᠪᠣᠳᠤᠯᠭ᠎ᠠ ᠬᠡᠷᠬᠢᠨ ᠲᠤᠤᠱᠯᠠᠭᠲᠠᠵᠤ᠂ ᠶᠠᠮᠠᠷ ᠶᠠᠮᠷ ᠠᠰᠠᠭᠤᠳᠠᠯ ᠢᠯᠡᠷᠡᠵᠦ ᠪᠠᠢᠬᠤ ᠭᠡᠬᠦ ᠮᠡᠲᠦ ᠪᠠᠢᠳᠠᠯ ᠢ ᠪᠠᠢᠴᠠᠭᠠᠨ ᠰᠣᠳᠤᠯᠬᠤ ᠨᠢ ᠲᠣᠬᠠᠢ ᠣᠷᠤᠨ ᠤ ᠮᠠᠯᠴᠢᠳ ᠤᠨ ᠦᠨᠡᠨ ᠬᠦ ᠪᠠᠢᠳᠠᠯ ᠢ ᠤᠢᠯᠠᠭᠠᠬᠤ᠂ ᠴᠢᠨᠠᠭᠰᠢᠯᠠᠭᠠᠳ ᠲᠦᠷᠦ ᠶᠢᠨ ᠪᠣᠳᠤᠯᠭ᠎ᠠ ᠶᠢᠨ ᠵᠣᠬᠢᠰ ᠦᠭᠡᠢ ᠵᠦᠢᠯ ᠳᠤ ᠲᠣᠬᠢᠷᠠᠭᠤᠯᠤᠲᠠ ᠬᠢᠵᠦ᠂ ᠠᠮᠢ ᠠᠬᠤᠢ ᠵᠢ ᠬᠠᠮᠠᠭᠠᠯᠠᠬᠤ ᠪᠠ ᠮᠠᠯᠴᠢᠳ ᠢ ᠪᠠᠶᠠᠵᠢᠭᠤᠯᠬᠤ ᠬᠠᠷᠠᠯᠲᠠ ᠵᠢ ᠵᠡᠷᠭᠡ ᠪᠡᠷ ᠪᠡᠶᠡᠯᠡᠬᠦᠯᠬᠦ ᠳ᠋ᠤ ᠤᠨᠤᠯ ᠬᠢᠭᠡᠳ ᠪᠣᠳᠠᠳᠤ ᠦᠨᠳᠦᠰᠦ ᠪᠠᠷᠢᠮᠲᠠ ᠬᠠᠩᠭᠠᠵᠤ ᠪᠣᠯᠤᠨ᠎ᠠ᠃ ᠦᠭᠦᠯᠡᠯ ᠳ᠋ᠤ ᠲᠤᠰ ᠬᠤᠰᠢᠭᠤᠨ ᠤ ᠪᠠᠶᠠᠨᠬᠠᠩᠭᠠᠢ ᠭᠠᠴᠠᠭ᠎ᠠ ᠳ᠋ᠤ ᠬᠢᠭᠰᠡᠨ ᠭᠡᠳᠦᠨ ᠵᠢᠯ ᠤᠨ ᠲᠤᠷᠰᠢᠬᠢ ᠬᠡᠭᠡᠷ ᠡ ᠶᠢᠨ ᠪᠠᠢᠴᠠᠭᠠᠯᠲᠠ ᠵᠢ ᠦᠨᠳᠦᠰᠦᠯᠡᠨ᠂ ᠪᠦᠬᠦ ᠲᠠᠯ ᠠ ᠪᠡᠷ ᠪᠡᠯᠴᠢᠭᠡᠷᠯᠡᠨ ᠮᠠᠯᠵᠢᠬᠤ ᠵᠢ ᠵᠤᠭᠰᠤᠭᠠᠬᠤ ᠲᠦᠷᠦ ᠶᠢᠨ ᠪᠣᠳᠤᠯᠭ᠎ᠠ ᠬᠢᠭᠡᠳ ᠲᠤᠤᠱᠯᠠᠭᠳᠠᠵᠤ ᠪᠠᠢᠭ᠎ᠠ ᠪᠠᠢᠳᠠᠯ ᠤᠨ ᠲᠣᠬᠠᠢ ᠰᠢᠰᠲ᠋ᠧᠮ ᠲᠠᠢ ᠲᠠᠨᠢᠯᠴᠠᠭᠤᠯᠪᠠ᠃ |
原文 |
查看原文
|
出自 |
内蒙古师范大学学报
2012年
第4期
|