摘要 |
ᠦᠭᠦᠯᠡᠯ ᠳ᠋ᠤ ᠦᠯᠢᠭᠡᠷ ᠤᠨ ᠭᠡᠷ ᠤᠨ ᠪᠦᠲᠦᠭᠡᠨ ᠪᠠᠢᠭᠤᠯᠤᠲᠠ᠂ ᠦᠯᠢᠭᠡᠷ ᠤᠨ ᠭᠡᠷ ᠲᠡᠭᠡ ᠬᠤᠭᠤᠷᠴᠢ᠂ᠦᠯᠢᠭᠡᠷ ᠤᠨ ᠭᠡᠷ ᠲᠤ ᠬᠡᠯᠡᠭᠳᠡᠵᠦ ᠪᠠᠢᠭᠰᠠᠨ ᠦᠯᠢᠭᠡᠷ ᠤᠳ᠂ᠦᠯᠢᠭᠡᠷ ᠤᠨ ᠭᠡᠷ ᠲᠡᠬᠢ ᠪᠣᠯᠪᠠᠰᠤᠷᠠᠯ ᠤᠨ ᠠᠩᠬᠢ ᠵᠡᠷᠭᠡ ᠬᠡᠳᠦᠨ ᠠᠰᠠᠭᠤᠳᠠᠯ ᠤᠨ ᠲᠣᠬᠠᠢ ᠦᠭᠦᠯᠡᠵᠦ᠂ ᠦᠯᠢᠭᠡᠷ ᠤᠨ ᠭᠡᠷ ᠨᠢᠬᠤᠭᠤᠷᠴᠢ ᠠᠮᠢᠳᠤᠷᠠᠯ ᠲᠡᠮᠡᠴᠡᠯ᠂ ᠦᠰᠦᠨ ᠪᠣᠢᠵᠢᠯᠲᠡ᠂ᠬᠤᠭᠤᠷ ᠤᠨ ᠦᠯᠢᠭᠡᠷ ᠤᠨ ᠬᠦᠭᠵᠢᠯ ᠪᠠᠳᠠᠷᠠᠯ ᠪᠠ ᠰᠣᠨᠤᠰᠤᠭᠴᠢᠳ ᠤᠨ ᠲᠤᠷ ᠠ ᠰᠣᠨᠢᠷᠬᠠᠯ ᠢ ᠨᠢ ᠬᠠᠩᠭᠠᠬᠤ ᠳ᠋ᠤ ᠮᠠᠰᠢ ᠴᠢᠬᠤᠯᠠ ᠦᠢᠯᠡᠳᠦᠯ ᠦᠵᠡᠭᠦᠯᠪᠡ ᠭᠡᠵᠦ ᠦᠵᠡᠭᠰᠡᠨ ᠪᠦᠭᠡᠳ ᠪᠣᠳᠠᠰ ᠤᠨ ᠪᠣᠰᠤ ᠰᠣᠶᠣᠯ ᠢ ᠲᠡᠯᠡᠭᠡᠢ ᠪᠡᠷ ᠢᠢᠡᠨ ᠡᠷᠬᠢᠮᠨᠠᠨ ᠬᠦᠨᠳᠤᠳᠭᠡᠵᠦ ᠪᠠᠢᠭ᠎ᠠ ᠦᠨᠦᠳᠤᠷ ᠪᠢᠳᠠ ᠦᠪᠦᠷ ᠮᠣᠩᠭᠤᠯ ᠤᠨ ᠵᠡᠭᠦᠨ ᠣᠷᠤᠨ ᠤ ᠵᠠᠷᠢᠮ ᠭᠠᠵᠠᠷ ᠣᠷᠤᠨ ᠤ ᠴᠦᠬᠡᠨ ᠬᠡᠳᠦᠨ ᠦᠯᠢᠭᠡᠷ ᠤᠨ ᠭᠡᠷ ᠢᠢᠡᠨ ᠬᠦᠨᠳᠦᠳᠭᠡᠨ ᠦᠵᠡᠵᠦ᠂ ᠵᠣᠬᠢᠰᠲᠠᠢ ᠠᠰᠢᠭᠯᠠᠬᠤ ᠶᠢᠨ ᠬᠠᠮᠲᠤ ᠡᠭᠦᠳᠠ ᠪᠠᠨ ᠲᠦᠭᠵᠢᠭᠡᠳ ᠤᠳᠠᠭᠰᠠᠨ ᠵᠠᠷᠢᠮ ᠬᠤᠰᠢᠭᠤᠨ ᠤ ᠦᠯᠢᠭᠡᠷ ᠤᠨ ᠭᠡᠷ ᠢ ᠴᠦ ᠰᠡᠷᠭᠦᠭᠡᠵᠦ᠂ ᠬᠤᠭᠤᠷᠴᠢᠳ ᠤᠨ ᠤᠷᠠᠯᠢᠭ ᠤᠨ ᠲᠠᠪᠴᠠᠩ ᠢ ᠦᠷᠭᠡᠳᠭᠡᠪᠡᠯ ᠵᠣᠬᠢᠨ᠎ᠠ ᠭᠡᠳᠡᠭ ᠰᠠᠨᠠᠯ ᠲᠤᠷᠠᠳᠤᠯᠭ᠎ᠠ ᠭᠠᠷᠭᠠᠵᠠᠢ᠃ |