摘要 |
ᠨᠡᠭᠦᠳᠡᠯᠴᠢᠳ ᠦᠨ 《ᠤᠤᠬᠠᠢ》 ᠰᠡᠳᠬᠢᠯᠭᠡᠨ ᠦ ᠡᠷᠲᠡᠨ ᠦ ᠡᠭᠦᠰᠦᠯ ᠭᠠᠷᠤᠯ ᠪᠤᠯ ᠮᠦᠩᠬᠡ ᠲᠡᠭᠷᠢ ᠡᠴᠡ ᠡᠰᠢᠲᠡᠢ ᠲᠦᠮᠡᠨ ᠦᠵᠡᠭᠳᠡᠯ ᠳᠦᠷᠰᠦ ᠶᠢᠨ ᠬᠤᠷᠢᠶᠠᠩᠭᠤᠢ ᠳᠠᠭᠤᠨ ᠪᠢᠯᠡ᠃ ᠪᠠᠢᠭᠠᠯᠢ ᠶᠢᠨ ᠦᠵᠡᠭᠳᠡᠯ ᠨᠢᠭᠡᠪᠦᠷᠢ ᠳᠦ ᠡᠵᠡᠳ ᠣᠩᠭᠤᠳ ᠲᠠᠢ᠂ ᠳᠠᠭᠤ ᠠᠶᠠᠯᠭᠤ ᠲᠠᠢ᠂ ᠲᠡᠷᠡ ᠨᠢ ᠦᠭᠡ ᠬᠡᠯᠡᠨ ᠦ ᠳᠤᠲᠤᠠᠳᠤ ᠮᠡᠳᠡᠷᠡᠮᠵᠢ᠂ ᠳᠠᠯᠳᠠ ᠤᠬᠠᠮᠰᠠᠷ ᠨᠢ 《ᠤᠤᠬᠠᠢ》 ᠶᠢᠨ ᠬᠡᠯᠪᠡᠷᠢ ᠪᠡᠷ ᠢᠯᠡᠷᠡᠵᠦ᠂ ᠨᠡᠭᠦᠳᠡᠯᠴᠢᠳ ᠲᠦ ᠪᠦᠬᠡ ᠮᠦᠷᠭᠦᠯ ᠦᠨ 《ᠤᠤᠬᠠᠢ》 ᠶᠢᠨ ᠰᠡᠳᠬᠢᠭᠦᠢ ᠶᠢᠨ ᠨᠢᠭᠡᠨ ᠣᠨᠴᠠᠭᠠᠢ ᠵᠠᠭᠪᠤᠷ ᠢ ᠪᠦᠲᠦᠭᠡᠵᠡᠢ᠃ ᠣᠯᠠᠨ ᠤᠯᠤᠰ ᠤᠨ ᠰᠤᠳᠤᠯᠤᠯ ᠤᠨ ᠲᠦᠪᠰᠢᠨ ᠳᠦ ᠡᠨᠡ ᠬᠦ 《ᠤᠤᠬᠠᠢ》 ᠶᠢ 《ok》 ᠭᠡᠵᠦ ᠠᠩᠭ᠍ᠯᠢ ᠬᠡᠯᠡᠨ ᠦ ᠶᠠᠷᠢᠶ᠎ᠠ ᠮᠡᠲᠦ ᠬᠡᠯᠡᠭᠳᠡᠳᠡᠭ ᠪᠤᠯᠪᠠᠴᠤ᠂ ᠬᠠᠷᠢᠨ ᠡᠭᠦᠰᠦᠯ ᠭᠠᠷᠤᠯ ᠢ ᠨᠢ ᠢᠨᠳᠢᠶᠠᠨ ᠤ ᠲᠡᠨᠳᠡ ᠡᠴᠡ ᠬᠦᠭᠡᠭᠡᠨ ᠮᠦᠷᠳᠡᠳᠡᠭ ᠨᠢ ᠰᠤᠨᠢᠷᠬᠠᠯᠲᠠᠢ ᠪᠤᠯᠪᠠᠴᠤ᠂ ᠡᠴᠦᠰ ᠲᠡᠭᠡᠨ ᠡᠨᠡ ᠬᠦ 《ᠤᠤᠬᠠᠢ》 ᠪᠤᠯ ᠮᠣᠩᠭᠤᠯᠴᠤᠳ ᠤᠨ ᠲᠡᠨᠳᠡ ᠡᠴᠡ ᠡᠰᠢ ᠲᠡᠢ 《ᠤᠤᠬᠠᠢ》 ᠶᠢᠨ ᠪᠦᠬᠡ ᠰᠢᠰᠲ᠋ᠧᠮ ᠪᠠᠢᠭᠰᠠᠨ ᠢ ᠨᠡᠭᠦᠳᠡᠯ ᠢᠷᠭᠡᠨᠰᠢᠯ ᠰᠤᠶᠤᠯ ᠤᠨ ᠪᠠᠷᠢᠮᠲᠠ ᠠᠴᠠ ᠬᠠᠷᠠᠵᠤ ᠦᠵᠡᠬᠦ ᠶᠢ ᠬᠢᠴᠢᠶᠡᠪᠡ᠃ |