摘要 |
《ᠮᠣᠩᠭᠤᠯ ᠤᠨᠨᠢᠭᠤᠴᠠ ᠲᠤᠪᠴᠢᠶᠠᠨ》 ᠳ᠋ᠤ 《ᠠᠵᠤ》 ᠭᠡᠳᠡᠭ ᠦᠭᠡ ᠤᠯᠠᠨ ᠲᠣᠬᠢᠶᠠᠯᠳᠤᠨ᠎ᠠ᠃ ᠲᠡᠷᠡ ᠨᠢ ᠠᠳᠠᠯᠢ ᠪᠣᠰᠤ ᠠᠬᠤᠢ ᠪᠠᠢᠳᠠᠯ ᠲᠤᠤᠷ ᠠ᠂ ᠢᠳᠡᠵᠤ ᠤᠤᠭᠤᠬᠤ᠂ ᠬᠤᠨᠤᠵᠦ ᠬᠡᠪᠲᠡᠬᠦ᠂ ᠵᠠᠪᠤᠵᠤ ᠰᠠᠭᠤᠬᠤ᠂ ᠠᠮᠢ ᠵᠠᠭᠤᠵᠤ᠂ ᠣᠷᠤᠰᠢᠨ ᠲᠤᠭᠲᠠᠨᠢᠬᠤ᠂ᠨᠡᠢᠯᠡᠨ ᠨᠢᠭᠡᠳᠬᠦ᠂ ᠬᠠᠮᠳᠤᠷᠠᠨ ᠬᠤᠷᠰᠢᠬᠤ᠂ ᠲᠠᠰᠠᠯᠠᠨ ᠲᠡᠳᠬᠦᠭᠦ᠂ ᠠᠵᠢᠯᠯᠠᠵᠤ ᠠᠮᠢᠳᠤᠷᠠᠬᠤ ᠮᠡᠳᠦ ᠶᠢᠨ ᠤᠯᠠᠨ ᠤᠳᠬ ᠠ ᠵᠢ ᠬᠠᠮᠤᠷᠠᠳᠠᠭ᠃ ᠣᠳᠣ ᠲᠡᠷᠡ ᠨᠢ 《ᠠᠬᠤᠢ》᠂《ᠲᠦᠷᠦᠬᠦ》᠂《ᠦᠢᠯᠡᠳᠪᠦᠷᠢ》ᠭᠡᠬᠦ ᠦᠭᠡ ᠲᠡᠢ ᠨᠡᠢᠯᠡᠵᠦ᠂《ᠠᠵᠠ ᠠᠬᠤᠢ》᠂《ᠠᠵᠤ ᠲᠦᠷᠦᠬᠦ》᠂《ᠠᠵᠤ ᠦᠢᠯᠡᠳᠪᠦᠷᠢ》 ᠮᠡᠳᠦ ᠶᠢᠨ ᠠᠵᠤ ᠠᠬᠤᠢ ᠶᠢᠨ ᠤᠬᠠᠭᠠᠨ ᠤ ᠴᠢᠬᠤᠯᠠ ᠤᠬᠠᠭᠳᠠᠬᠤᠨ ᠪᠣᠯᠵᠤ᠂ ᠠᠵᠤ ᠠᠬᠤᠢ ᠶᠢᠨ ᠲᠠᠯ ᠠ ᠶᠢᠨ ᠪᠠᠶᠠᠯᠢᠭ ᠠᠭᠤᠯᠭ᠎ᠠ ᠵᠢ ᠢᠯᠡᠷᠡᠬᠦᠯᠵᠦ ᠪᠠᠢᠳᠠᠭ᠃ |