摘要 |
ᠣᠷᠴᠨ ᠦᠶ ᠡ ᠶᠢᠨ ᠮᠣᠩᠭᠤᠯ ᠤᠨ ᠠᠯᠳᠠᠷᠲᠤ ᠵᠣᠬᠢᠶᠠᠯᠴᠢ ᠢᠨᠵᠠᠨᠨᠠᠰᠢ(1837-1892) ᠮᠣᠩᠭᠤᠯ ᠤᠨ ᠤᠷᠠᠨ ᠵᠣᠬᠢᠶᠠᠯ ᠤᠨ ᠰᠢᠯᠢᠳᠡᠭ ᠣᠳᠤᠮᠰᠢᠯ ᠤᠨ ᠪᠠᠶᠠᠯᠢᠭ ᠦᠪ ᠢᠠᠯᠭᠠᠮᠵᠢᠯᠠᠵᠤ ᠪᠠᠰᠠ ᠬᠢᠲᠠᠳ ᠦᠨᠳᠦᠰᠦᠲᠡᠨ ᠤ ᠡᠷᠲᠡᠨ ᠤ ᠰᠤᠩᠭᠤᠳᠠᠭ ᠵᠣᠬᠢᠶᠠᠺ ᠤᠨᠨᠦᠯᠦᠭᠡ ᠲᠠᠢ ᠪᠡᠷ 《ᠮᠣᠩᠭᠤᠯ ᠤᠨ ᠬᠦᠬᠡ ᠰᠣᠳᠤᠷ》ᠭᠡᠬᠦ ᠲᠡᠦᠬᠡᠨ ᠷᠤᠮᠠᠨ ᠪᠠ 《ᠨᠢᠭᠡᠨ ᠲᠠᠪᠬᠤᠷ ᠠᠰᠠᠷ》᠂《ᠤᠯᠠᠭᠠᠨ ᠡᠭᠦᠯᠡ ᠶᠢᠨ ᠨᠢᠯᠪᠤᠰᠤ》ᠵᠡᠷᠭᠡ ᠲᠣᠬᠠᠢ ᠶᠢᠨ ᠦᠶ ᠠ ᠶᠢᠨ ᠠᠮᠢᠳᠤᠷᠠᠯ ᠢ ᠲᠤᠰᠬᠠᠭᠰᠠᠨ ᠷᠤᠮᠠᠨ ᠨᠤᠭᠤᠳ ᠢᠵᠣᠬᠢᠶᠠᠭᠰᠠᠨ ᠪᠦᠭᠡᠳ ᠤᠯᠠᠨ ᠲᠣᠭᠠᠨ ᠤ ᠰᠢᠯᠦᠭ ᠲᠠᠭᠤᠯᠠᠯ᠂ ᠶᠣᠵᠢᠲᠤ ᠦᠭᠦᠯᠡᠯ ᠤᠳ ᠢ ᠵᠣᠬᠢᠶᠠᠭᠰᠠᠨ ᠶᠣᠮ᠃ ᠡᠭᠦᠨ ᠤ ᠵᠡᠷᠭᠡᠴᠡᠭᠡ ᠪᠡᠷ ᠮᠣᠩᠭᠤᠯ ᠤᠨ ᠲᠡᠦᠬᠡ᠂ ᠤᠷᠠᠨ ᠵᠣᠬᠢᠶᠠᠯ᠂ ᠦᠰᠦᠭ ᠪᠢᠴᠢᠭ᠂ ᠦᠭᠡ ᠬᠡᠯᠡ᠂ ᠤᠷᠴᠢᠭᠤᠯᠭ᠎ᠠ ᠵᠡᠷᠭᠡ ᠵᠢ ᠰᠣᠳᠤᠯᠵᠤ ᠤᠷᠴᠢᠭᠤᠯᠭ᠎ᠠ ᠶᠢᠨ ᠪᠠ ᠤᠷᠠᠯᠢᠭ ᠤᠨ ᠤᠨᠨᠤᠯ ᠢ ᠴᠦ ᠵᠠᠳᠠᠯᠤᠨ ᠰᠢᠨᠵᠢᠯᠡᠵᠦ ᠪᠠᠢᠭᠰᠠᠨ ᠪᠦᠭᠡᠳ ᠮᠣᠩᠭᠤᠯ ᠬᠢᠲᠠᠳ ᠬᠡᠯᠡᠨ ᠳ᠋ᠤ ᠨᠡᠪᠲᠡᠷᠡᠵᠦ ᠮᠠᠨᠵᠤ ᠲᠦᠪᠡᠳ ᠬᠡᠯᠡ ᠪᠢᠴᠢᠭ ᠢ ᠮᠡᠳᠡᠬᠦ ᠶᠡᠬᠡ ᠵᠣᠬᠢᠶᠠᠯᠴᠢ᠂ ᠲᠡᠦᠬᠡᠴᠢᠨ᠂ ᠣᠷᠴᠢᠭᠤᠯᠤᠭᠴᠢ ᠵᠢᠷᠤᠭᠴᠢᠨ ᠪᠠ ᠬᠡᠯᠡ ᠪᠢᠴᠢᠭ ᠤᠨ ᠡᠷᠲᠡᠮᠲᠡᠨ ᠪᠠᠢᠵᠠᠢ᠃ |