摘要 |
ᠦᠭᠦᠯᠡᠯ ᠳ᠋ᠤ ᠵᠣᠬᠢᠶᠠᠭᠴᠢ ᠡᠴᠡ᠂ ᠤᠯᠠᠨ ᠵᠠᠭᠤᠴᠢᠯᠠᠭᠤᠷ ᠤᠨ ᠬᠢᠴᠢᠶᠡᠯᠯᠡᠭᠡ ᠪᠣᠯ ᠪᠠᠶᠠᠯᠢᠭ ᠠᠭᠤᠯᠭ᠎ᠠ᠂ ᠬᠦᠨᠴᠡ ᠲᠠᠢ᠂ ᠪᠣᠰᠤᠭᠠᠯᠵᠢᠨ᠂ ᠠᠮᠢᠳᠤ ᠴᠣᠪᠤᠭᠤᠯᠢᠭ ᠣᠨᠴᠠᠯᠢᠭ ᠪᠦᠬᠦᠢ ᠰᠢᠨ᠎ᠠ ᠬᠢᠴᠢᠶᠡᠯᠯᠭᠡ ᠶᠢᠨ ᠬᠡᠯᠪᠡᠷᠢ ᠶᠣᠮ᠃ ᠤᠯᠠᠨ ᠵᠠᠭᠤᠴᠢᠠᠯᠭᠤᠷ ᠤᠨ ᠬᠢᠴᠢᠶᠡᠯᠯᠡᠭᠡ ᠨᠢ ᠬᠢᠴᠢᠶᠡᠯ ᠬᠦᠮᠦᠵᠢᠯ ᠤᠨ ᠤᠢᠯᠠᠭᠠᠭᠳᠠᠬᠤᠨ᠂ ᠤᠬᠠᠪᠤᠷᠢ᠂ ᠠᠷᠭ᠎ᠠ ᠵᠠᠷᠴᠢᠮ᠂ ᠮᠡᠷᠭᠡᠵᠢᠯ ᠭᠡᠬᠦ ᠤᠯᠠᠨ ᠲᠠᠪᠬᠬᠤᠷᠭᠠ ᠲᠠᠢ ᠬᠤᠯᠪᠤᠭᠳᠠᠬᠤ ᠰᠤᠷᠭᠠᠨ ᠬᠦᠮᠦᠵᠢᠯ ᠤᠨ ᠭᠦᠨ ᠲᠠᠪᠬᠤᠷᠭ᠎ᠠ ᠶᠢᠨ ᠬᠤᠪᠢᠰᠤᠯᠲᠠ ᠶᠣᠮ ᠭᠡᠵᠦ ᠦᠵᠡᠬᠦ ᠶᠢᠨ ᠲᠠᠠᠭᠤ ᠦᠪᠡᠷ ᠤᠨ ᠪᠣᠳᠠᠳᠠᠢ ᠬᠢᠴᠢᠶᠡᠯᠯᠡᠭᠡ ᠶᠢᠨ ᠦᠢᠯᠡᠳᠦᠯᠭᠡ ᠲᠠᠢ ᠪᠠᠨ ᠤᠶᠠᠯᠳᠤᠭᠤᠯᠵᠤ《ᠮᠣᠩᠭᠤᠯ ᠰᠢᠯᠦᠭ ᠤᠨ ᠤᠬᠠᠭᠠᠨ》 ᠤ ᠬᠢᠴᠢᠶᠡᠯᠯᠡᠭᠡ ᠶᠢᠨ ᠶᠠᠪᠤᠴᠠ ᠳ᠋ᠤ ᠤᠯᠠᠨ ᠵᠠᠭᠤᠴᠢᠠᠯᠭᠤᠷ ᠢ ᠬᠡᠷᠬᠢᠨ ᠠᠰᠢᠭᠯᠠᠭᠰᠠᠨ ᠢᠢᠡᠨ ᠨᠠᠷᠢᠨ ᠴᠢᠮᠬᠢᠭᠦᠷ ᠲᠠᠨᠢᠯᠴᠠᠭᠤᠯᠤᠨ᠂ ᠤᠯᠠᠨ ᠵᠠᠭᠤᠴᠢᠯᠠᠭᠤᠷ ᠢ ᠬᠦᠮᠦᠨ ᠰᠣᠶᠣᠯ ᠤᠨ ᠰᠢᠨᠵᠢᠯᠡᠭᠡᠨ ᠤ ᠬᠢᠴᠢᠶᠡᠯ ᠬᠦᠮᠦᠵᠢᠯ ᠳᠤ ᠬᠡᠷᠬᠢᠨ ᠠᠰᠢᠭᠯᠠᠬᠤ ᠲᠣᠬᠠᠢ ᠦᠪᠡᠷᠮᠢᠴᠡ ᠦᠵᠡᠯᠲᠡ ᠪᠠᠨ ᠲᠤᠷᠠᠳᠴᠠᠢ᠃ |