题名 |
ᠨᠡᠭᠦᠳᠡᠯ ᠰᠤᠶᠤᠯ ᠤᠨ ᠭᠦᠨ ᠤᠬᠠᠭᠠᠨ ᠤ ᠰᠡᠳᠬᠢᠯᠭᠡᠨ ᠦ ᠬᠦᠪᠦᠷᠡᠯ |
作者 |
ᠲᠦ᠂ ᠦᠯᠵᠡᠢ; ᠮᠦ᠂ ᠰᠠᠶᠢᠵᠢᠷᠠᠬᠤ |
关键词 |
ᠨᠡᠭᠦᠳᠡᠯ ᠰᠤᠶᠤᠯ; ᠭᠦᠨ ᠤᠬᠠᠭᠠᠨ; ᠰᠡᠳᠭᠢᠭᠦᠢ |
摘要 |
ᠡᠨᠡ ᠬᠦ ᠦᠭᠦᠯᠡᠯ ᠳᠦ ᠂ ᠨᠡᠭᠦᠳᠡᠯ ᠰᠤᠶᠤᠯ ᠤᠨ ᠲᠦᠭᠡᠮᠡᠯ ᠠᠷᠭ᠎ᠠ ᠵᠦᠢ ᠶᠢᠨ ᠦᠨᠳᠦᠰᠦᠨ ᠲᠤᠭᠲᠠᠯᠴᠠᠭ᠎ᠠ᠂ ᠨᠡᠭᠦᠳᠡᠯ ᠰᠤᠶᠤᠯ ᠤᠨ ᠦᠨᠳᠦᠰᠦ ᠭᠠᠷᠪᠠᠯᠢᠶ ᠶᠢ ᠡᠬᠡ ᠭᠠᠵᠠᠷ ᠤᠨ ᠡᠭᠦᠳᠭᠡᠯ ᠰᠡᠳᠬᠢᠯᠭᠡ᠂ ᠡᠴᠢᠭᠡ ᠲᠡᠭᠷᠢ ᠶᠢᠨ ᠡᠭᠦᠳᠭᠡᠯ ᠰᠡᠳᠬᠢᠯᠭᠡ᠂ ᠪᠦᠬᠡ ᠮᠦᠷᠭᠦᠯ ᠦᠨ ᠡᠪᠦᠭᠡ ᠰᠡᠳᠬᠢᠭᠦᠢ ᠶᠢᠨ ᠦᠪ ᠲᠤᠭᠲᠠᠯ ᠠᠴᠠ ᠰᠠᠭᠤᠷᠢᠯᠠᠵᠤ; ᠨᠡᠭᠦᠳᠡᠯ ᠰᠤᠶᠤᠯ ᠤᠨ ᠦᠪᠡᠷᠮᠢᠴᠡ ᠪᠦᠲᠦᠴᠡ ᠲᠤᠭᠲᠠᠯᠴᠠᠭ᠎ᠠ᠂ ᠶᠡᠬᠡ ᠲᠠᠯ᠎ᠠ ᠶᠢᠨ ᠰᠡᠳᠬᠢᠭᠦᠢ ᠶᠢᠨ ᠰᠢᠲᠦᠨ ᠪᠠᠷᠢᠯᠳᠤᠯᠭ᠎ᠠ ᠶᠢ ᠮᠣᠩᠭᠣᠯ ᠨᠤᠲᠤᠭ (ᠲᠤᠭᠲᠠᠩ᠌ᠭᠤᠢ ᠰᠢᠨᠵᠢ)᠂ ᠮᠣᠩᠭᠣᠯ ᠪᠡᠯᠴᠢᠭᠡᠷ (ᠬᠦᠳᠡᠯᠦᠩᠭᠦᠢ ᠰᠢᠨᠵᠢ)᠂ ᠮᠣᠩᠭᠣᠯ ᠰᠦᠷᠦᠩ (ᠡᠺᠦᠯᠦᠬᠢ ᠰᠢᠨᠵᠢ) ᠢᠶᠡᠷ ᠳᠡᠪᠰᠢᠭᠡᠷᠯᠡᠵᠦ; ᠨᠡᠭᠦᠳᠡᠯ ᠰᠤᠶᠤᠯ ᠤᠨ ᠮᠠᠯ ᠠᠵᠤ ᠠᠬᠤᠢ ᠶᠢᠨ ᠭᠦᠨ ᠤᠬᠠᠭᠠᠨ ᠤ ᠰᠢᠰᠲ᠋ᠧᠮ ᠲᠤᠭᠲᠠᠯᠴᠠᠭ᠎ᠠ᠂ ᠲᠠᠪᠤᠨ ᠪᠤᠳᠠ ᠰᠡᠳᠭᠢᠭᠦᠢ ᠶᠢᠨ ᠠᠢ ᠰᠠᠪᠠ ᠶᠢ ᠬᠤᠨᠢ᠂ ᠢᠮᠠᠭ᠎ᠠ᠂ ᠦᠬᠡᠷ᠂ ᠲᠡᠮᠡᠭᠡ᠂ ᠮᠤᠷᠢ ᠪᠠᠷ ᠠᠴᠢᠭᠤᠯᠵᠤ; ᠨᠡᠭᠦᠳᠡᠯ ᠰᠤᠶᠤᠯ ᠤᠨ ᠭᠦᠨ ᠤᠬᠠᠭᠠᠨ ᠤ ᠰᠡᠳᠬᠢᠯᠭᠡᠨ ᠦ ᠦᠪᠡᠷᠮᠢᠴᠡ ᠠᠷᠭ᠎ᠠ ᠵᠦᠢ᠂ ᠨᠡᠭᠦᠳᠡᠯ ᠦᠨ ᠳᠦᠷᠪᠡᠨ ᠬᠦᠷᠢᠶ᠎ᠡ ᠶᠢ ᠡᠪᠦᠯᠵᠢᠶ᠎ᠡ᠂ ᠬᠠᠪᠤᠷᠵᠢᠶ᠎ᠠ᠂ ᠵᠤᠨᠵᠢᠶ᠎ᠠ᠂ ᠨᠠᠮᠤᠷᠵᠢᠶ᠎ᠠ ᠪᠠᠷ ᠬᠦᠷᠢᠶᠡᠯᠡᠵᠦ; ᠨᠡᠭᠦᠳᠡᠯ ᠰᠤᠶᠤᠯ ᠤᠨ ᠭᠦᠨ ᠤᠬᠠᠭᠠᠨ ᠤ ᠰᠡᠳᠬᠢᠯᠭᠡᠨ ᠦ ᠤᠯᠠᠮᠵᠢᠯᠠᠯᠲᠤ ᠶᠤᠰᠤ᠂ ᠮᠣᠩᠭᠣᠯ ᠰᠡᠳᠬᠢᠭᠦᠢ ᠶᠢ ᠨᠡᠭᠦᠳᠡᠯ ᠦᠨ ᠡᠺᠦᠯᠦᠬᠢ᠂ ᠨᠡᠭᠦᠳᠡᠯ ᠦᠨ ᠳᠦᠷᠪᠡᠨ ᠬᠦᠷᠢᠶ᠎ᠡ᠂ ᠨᠡᠭᠦᠳᠡᠯ ᠦᠨ ᠲᠠᠪᠤᠨ ᠠᠮᠢ ᠪᠠᠷ ᠠᠭᠤᠯᠤᠭᠵᠢᠭᠤᠯᠵᠤ; ᠨᠡᠭᠦᠳᠡᠯ ᠰᠤᠶᠤᠯ ᠤᠨ ᠭᠦᠨ ᠤᠬᠠᠭᠠᠨ ᠤ ᠰᠡᠳᠬᠢᠯᠭᠡᠨ ᠦ ᠬᠦᠭ᠍ᠵᠢᠯ᠂ ᠡᠺᠦᠯᠦᠬᠢ ᠰᠡᠳᠬᠢᠯᠭᠡ ᠶᠢ ᠠᠮᠢ᠂ ᠠᠬᠤᠢ᠂ ᠤᠬᠠᠮᠰᠠᠷ ᠢᠶᠠᠷ ᠤᠨᠤᠯᠵᠢᠭᠤᠯᠬᠤ ᠬᠡᠮᠡᠨ ᠭᠤᠷᠢᠲᠠᠪᠠ᠃ |
原文 |
查看原文
|
出自 |
内蒙古师范大学学报
2005年
第4期
|