题名 |
ᠰᠦᠯᠲᠡ ᠶᠢᠨ ᠲᠠᠬᠢᠯᠭ᠎ᠠ ᠶᠢᠨ ᠰᠣᠶᠣᠯ ᠤᠨ ᠠᠭᠤᠯᠤᠭᠳᠠᠬᠤᠨ ᠬᠢᠭᠡᠳ ᠨᠡᠢᠭᠡᠮᠴᠢ ᠦᠢᠯᠡᠳᠦᠯ |
作者 |
ᠬᠢᠴᠢᠶᠡᠯᠲᠦ;ᠲᠢᠶᠠᠨ ᠭᠠᠩ |
关键词 |
ᠰᠦᠯᠲᠡ ᠶᠢᠨ ᠲᠠᠬᠢᠯᠭ᠎ᠠ; ᠰᠣᠶᠣᠯ ᠤᠨ ᠠᠭᠤᠯᠤᠭᠳᠠᠬᠤᠨ;ᠨᠡᠢᠭᠡᠮᠴᠢ ᠦᠢᠯᠡᠳᠦᠯ |
摘要 |
ᠰᠦᠯᠲᠡ ᠪᠣᠯ ᠮᠩᠭᠤᠯ ᠤᠭᠰᠠᠭᠠᠨᠲᠠᠨ ᠤ ᠨᠡᠢᠭᠡᠮ ᠤᠨ ᠪᠦᠯᠦᠭᠡᠯᠯ ᠪᠠ ᠦᠪᠡᠷᠮᠢᠴᠡ ᠰᠢᠲᠦᠭᠡᠨ ᠤ ᠪᠡᠯᠡ ᠲᠡᠮᠳᠡᠭ ᠤᠨ ᠢᠯᠡᠷᠡᠯ ᠮᠦᠨ᠃ ᠦᠭᠡᠷ ᠡ ᠪᠡᠷ ᠬᠡᠯᠡᠪᠡᠯ᠂ ᠤᠯᠠᠨ ᠵᠦᠢᠯ ᠤᠨ ᠣᠨᠴᠠᠭᠠᠢ《ᠰᠠᠬᠢᠭᠤᠰᠦ ᠰᠦᠨᠡᠰᠦ》ᠪᠠ ᠢᠲᠡ ᠬᠦᠴᠦᠨ ᠵᠦᠢᠯ ᠤᠨ ᠬᠤᠪᠢᠯᠭᠠᠨ ᠮᠦᠷᠳᠡᠭᠡᠨ ᠪᠠᠰᠠ ᠡᠵᠡᠨ ᠬᠠᠭᠠᠨ᠂ᠡᠪᠦᠭᠡ ᠲᠡᠭᠡᠳᠦᠰ ᠤᠨ ᠠᠷᠢᠭᠤᠨ ᠰᠦᠨᠡᠰᠦ᠂ᠲᠦᠷᠦ ᠭᠦᠷᠦᠨ ᠦᠨᠳᠦᠰᠦᠲᠡᠨ ᠤᠭᠰᠠᠭᠠᠲᠠᠨ ᠤ ᠦᠪᠡᠷᠮᠢᠴᠡ ᠪᠡᠯᠡ ᠲᠡᠮᠲᠡᠭ ᠪᠦᠭᠡᠳ ᠬᠦᠮᠦᠨ ᠠᠷᠠᠳ ᠤᠨ ᠤᠶᠤᠨ ᠰᠠᠨᠠᠭ᠎ᠠ ᠤ ᠲᠦᠰᠦᠶ ᠡ ᠪᠣᠯᠤᠭᠰᠠᠨ-ᠠᠯᠢᠪᠠ ᠵᠢ ᠠᠷᠭᠠᠴᠠᠨ ᠴᠢᠳᠠᠬᠤᠢᠴᠠ ᠣᠨᠴᠠ ᠬᠦᠴᠦᠨ ᠵᠦᠢᠯ ᠤᠨ ᠲᠦᠯᠦᠭᠡᠨ ᠤ ᠰᠢᠲᠦᠭᠡᠨ ᠪᠣᠯᠤᠨ᠎ᠠ᠃ᠰᠦᠯᠲᠡ ᠶᠢᠨ ᠡᠭᠦᠰᠦᠯ ᠬᠤᠪᠢᠷᠠᠯ ᠨᠢ ᠤᠷᠲᠤ ᠤᠳᠠᠭᠠᠨ ᠲᠡᠦᠬᠡᠨ ᠶᠠᠪᠤᠴᠠ ᠵᠢ ᠡᠯᠡᠭᠳᠡᠬᠦᠯᠵᠦ᠂ ᠤᠯᠠᠨ ᠲᠠᠯ ᠠ ᠶᠢᠨ ᠨᠦᠬᠦᠴᠡᠯ ᠰᠢᠯᠲᠠᠭᠠᠨ ᠳ᠋ᠤ ᠨᠦᠯᠦᠭᠡᠯᠡᠭᠳᠡᠭᠰᠡᠨ ᠪᠦᠭᠡᠳ ᠬᠦᠮᠦᠰ ᠤᠨ ᠠᠩᠬᠠᠷᠤᠯ ᠤᠨ ᠬᠠᠷᠭᠠᠰᠤ ᠵᠤᠭᠰᠤᠴᠠ ᠶᠢᠨ ᠢᠵᠢᠯ ᠪᠣᠰᠤ ᠪᠠ ᠰᠣᠶᠣᠯ ᠰᠡᠳᠬᠢᠭᠦᠢ ᠶᠢᠨ ᠣᠨᠴᠠᠯᠢᠭ ᠡᠴᠡ ᠪᠣᠯᠵᠤ ᠰᠦᠯᠲᠡ ᠶᠢᠨ ᠲᠣᠬᠠᠢ ᠠᠳᠠᠯᠢ ᠪᠣᠰᠤ ᠵᠦᠢᠷᠯᠡᠯ ᠪ ᠠᠦᠪᠡᠷᠮᠢᠴᠡ ᠤᠢᠯᠠᠭᠠᠯᠲᠠ ᠲᠠᠢᠯᠪᠤᠷᠢ ᠲᠠᠢ ᠪᠠᠢᠵᠤ ᠮᠡᠳᠡᠳᠡᠭ᠂ ᠭᠡᠪᠡᠴᠦ ᠲᠡᠷᠡ ᠨᠢ ᠠᠯᠢᠪᠠ ᠢᠯᠠᠭᠤᠭᠰᠠᠨ ᠬᠦᠴᠦᠨ ᠵᠦᠢᠯ ᠪᠣᠯᠤᠨ ᠦᠭᠡᠳᠡ ᠪᠡᠯᠭᠡᠰᠢᠷᠡᠯ ᠤᠨ ᠶᠡᠷᠦᠩᠬᠡᠢᠯᠡᠭᠰᠡᠨ ᠲᠦᠯᠦᠭᠡᠨ ᠤ ᠪᠠᠶ ᠠ ᠪᠣᠯᠬᠤ ᠵᠢ ᠮᠡᠳᠡᠷᠡᠬᠦ ᠦᠭᠡᠢ ᠪᠠᠢᠵᠤ ᠪᠣᠯᠬᠤ ᠦᠭᠡᠢ ᠶᠣᠮ᠃ ᠲᠤᠰ ᠦᠭᠦᠯᠡᠯ ᠳ᠋ᠤ ᠰᠦᠯᠲᠡ ᠶᠢᠨ ᠲᠠᠬᠢᠯᠭ᠎ᠠ ᠳ᠋ᠤ ᠨᠢᠡᠭᠡᠮ ᠤᠨ ᠤᠯᠤᠰ ᠲᠦᠷᠦ ᠶᠢᠨ ᠦᠵᠡᠯ ᠤᠬᠠᠮᠰᠠᠷ ᠢ ᠨᠢᠭᠡᠳᠦᠮᠡᠯᠵᠢᠭᠦᠯᠭᠦ᠂ ᠰᠡᠳᠬᠢᠯ ᠰᠠᠨᠠᠭ᠎ᠠ ᠵᠢ ᠲᠠᠢᠪᠤᠷᠢᠰᠢᠭᠤᠯᠬᠤ᠂ ᠵᠠᠩ ᠦᠢᠯᠡ ᠵᠢ ᠲᠦᠷᠢᠮᠵᠢᠭᠦᠯᠬᠦ᠂ ᠪᠦᠯᠬᠦᠮᠳᠠᠯ ᠨᠢᠭᠲᠠᠷᠠᠯ ᠢ ᠴᠢᠩᠭᠠᠳᠬᠠᠬᠤ ᠪᠠ ᠰᠣᠶᠣᠯ ᠤᠨ ᠦᠪ ᠢ ᠤᠯᠠᠮᠵᠢᠯᠠᠨ ᠲᠡᠯᠭᠡᠷᠡᠭᠦᠯᠬᠦ ᠭᠡᠬᠦ ᠮᠡᠳᠦ ᠶᠢᠨ ᠠᠷᠪᠢᠨ ᠲᠠᠯ ᠠ ᠳ᠋ᠤ ᠦᠩᠭᠡᠷᠡᠭᠰᠡᠨ᠂ᠣᠳᠣ ᠪᠠ ᠢᠷᠡᠭᠡᠳᠦᠢ ᠳ᠋ᠤ ᠬᠤᠯᠪᠤᠭᠳᠠᠬᠤ ᠠᠴᠢ ᠲᠤᠰᠠ ᠲᠠᠢ ᠨᠦᠯᠦᠭᠡ ᠦᠢᠯᠡᠳᠦᠯ ᠲᠠᠢ ᠪᠠᠢᠳᠠᠭ᠃ ᠴᠠᠭᠠᠰᠢᠯᠠᠭᠠᠳ ᠭᠠᠭᠴᠠᠬᠦ ᠮᠣᠩᠭᠤᠯ ᠦᠨᠳᠦᠰᠦᠲᠡᠨ ᠤ ᠬᠦᠷᠢᠶ ᠡ ᠬᠡᠪᠴᠢᠶᠡᠨ ᠳ᠋ᠤ ᠬᠢᠵᠭᠠᠷᠯᠠᠭᠳᠠᠬᠤ ᠪᠢᠰᠢ ᠪᠢᠯᠡ ᠭᠡᠵᠦ ᠦᠵᠡᠪᠡ᠃ |
原文 |
查看原文
|
出自 |
内蒙古师范大学学报
2013年
第2期
|