摘要 |
ᠴᠡᠭᠡᠷᠯᠡᠯ ᠪᠣᠯ ᠵᠠᠩᠰᠢᠯ ᠤᠨ ᠤᠬᠠᠭᠠᠨ ᠳ᠋ᠡᠬᠢ ᠴᠢᠬᠤᠯᠠ ᠨᠢᠭᠡᠨ ᠠᠭᠤᠯᠭ᠎ᠠ ᠪᠣᠯᠤᠨ᠎ᠠ᠃ ᠲᠡᠷᠡ ᠨᠢ ᠰᠢᠲᠦᠯᠭᠡ ᠶᠢᠨ ᠵᠠᠩᠰᠢᠯ ᠳ᠋ᠤ᠃ ᠲᠡᠯᠡᠬᠡᠢ ᠨᠡᠢᠲᠡ ᠶᠢᠨ ᠴᠢᠨᠠᠷᠲᠠᠢ ᠮᠣᠬᠤᠷ ᠰᠦᠰᠦᠭ ᠤᠨ ᠬᠡᠯᠪᠡᠷᠢ ᠪᠡᠷ ᠣᠷᠤᠰᠢᠵᠤ ᠪᠠᠢᠳᠠᠭ᠃ ᠲᠡᠭᠦᠨ ᠢ ᠭᠠᠳᠠᠭᠠᠲᠤ ᠨᠡᠢᠳᠡ ᠳ᠋ᠡᠭᠡᠨ《(tatoo bwyw tatu)ᠭᠡᠬᠦ ᠪᠦᠭᠡᠳ ᠫᠦᠯᠢᠨᠸᠰᠢᠶᠠᠴᠤᠳ ᠤᠨ ᠬᠡᠯᠡᠨ ᠡᠴᠡ ᠭᠠᠷᠤᠯᠲᠠᠢ ᠦᠭᠡᠨ ᠪᠣᠯᠤᠨ᠎ᠠ᠃ ᠷᠢᠳᠢ ᠰᠢᠳᠢ ᠲᠠᠢ ᠣᠩᠭᠤᠨ ᠬᠡᠮᠡᠭᠳᠡᠭᠰᠡᠨ ᠶᠠᠭᠤᠮᠠᠨ ᠳ᠋ᠤ ᠡᠰᠡᠬᠦᠯ ᠠ ᠪᠣᠵᠠᠷ ᠮᠠᠭᠤᠬᠠᠢ ᠬᠡᠮᠡᠭᠳᠡᠭᠰᠡᠨ ᠶᠠᠭᠤᠮᠠᠨ ᠳ᠋ᠤ ᠬᠠᠯᠳᠠᠬᠤ ᠪᠤᠶᠣ ᠲᠡᠭᠦᠨ ᠢ ᠬᠡᠯᠡᠬᠦ ᠡᠴᠡ ᠴᠡᠭᠡᠷᠯᠡᠬᠦ ᠶᠠᠪᠤᠳᠠᠯ ᠢ ᠵᠢᠭᠠᠨᠬᠤ ᠪᠦᠭᠡᠳ ᠬᠡᠷᠪᠡ ᠬᠠᠯᠳᠠᠪᠠᠯ(ᠡᠰᠡᠬᠦᠯ ᠰ ᠬᠡᠯᠡᠪᠡᠯ) ᠪᠠᠢᠭᠠᠯᠢ ᠶᠢᠨ ᠬᠦᠴᠦᠨ ᠤ ᠰᠢᠳᠭᠡᠯ ᠳ᠋ᠤ ᠤᠴᠠᠷᠠᠬᠤ ᠪᠣᠯᠤᠨ᠎ᠠ ᠭᠡᠵᠦ ᠢᠳᠡᠭᠡᠳᠡᠭ ᠰᠦᠰᠦᠭ ᠪᠢᠰᠢᠷᠡᠯ ᠤᠨ ᠤᠬᠠᠭᠳᠠᠬᠤᠨ ᠶᠣᠮ᠃ ᠲᠡᠭᠡᠭᠦᠯᠡᠷ ᠲᠡᠭᠦᠨ ᠤ ᠮᠦᠨ ᠴᠢᠨᠠᠷ ᠢ ᠲᠠᠷᠤᠢ ᠷᠢᠳᠢ ᠰᠢᠳᠢ ᠲᠠᠢ ᠣᠩᠭᠤᠨ ᠬᠡᠮᠡᠭᠳᠡᠭᠰᠡᠨ ᠶᠠᠭᠤᠮ ᠠ ᠪᠣᠶᠤ ᠪᠣᠵᠠᠷ ᠮᠠᠭᠤᠬᠠᠢ ᠬᠡᠮᠡᠭᠳᠡᠭᠰᠡᠨ ᠶᠠᠭᠤᠮᠠᠨ ᠡᠴᠡ ᠠᠶᠤᠵᠤ ᠰᠦᠷᠲᠡᠨ ᠬᠡᠪ ᠢᠢᠡᠨ ᠰᠠᠬᠢᠨ ᠵᠠᠢᠯᠠᠨ ᠲᠠᠯᠳᠠᠯᠠᠵᠤ᠂ ᠦᠪᠡᠷ ᠢ ᠪᠠᠨ ᠦᠪᠡᠷᠲᠡᠭᠡᠨ ᠠᠮᠤᠷᠵᠢᠭᠤᠯᠬᠤ ᠶᠠᠪᠤᠳᠠᠯ ᠪᠣᠯᠤᠨ ᠠ᠃ |