摘要 |
《ᠭᠡᠰᠷ ᠤᠨ ᠲᠤᠭᠤᠵᠢ》 ᠨᠢ ᠤᠷᠲᠤ ᠬᠤᠭᠤᠴᠠᠭᠠᠨ ᠤ ᠲᠤᠷᠰᠢ ᠮᠣᠩᠭᠤᠯ ᠲᠦᠪᠡᠳ ᠤᠨ ᠠᠷᠠᠳ ᠲᠦᠮᠡᠨ ᠤ ᠲᠤᠮᠳᠠ ᠤᠯᠠᠮᠵᠢᠠᠯᠭᠲᠠᠠ ᠲᠠᠷᠬᠠᠬᠤ ᠶᠢᠨ ᠬᠠᠮᠲᠤ ᠭᠤᠤᠯ ᠬᠦᠮᠦᠰ᠂ ᠦᠢᠯᠡ ᠶᠠᠪᠤᠳᠠᠯ᠂ ᠵᠣᠬᠢᠶᠠᠮᠵᠢ ᠪᠠᠢᠭᠤᠯᠤᠮᠵᠢ ᠬᠢᠭᠡᠳ ᠨᠠᠷᠢᠨ ᠲᠦᠷᠰᠦᠯᠡᠯ ᠵᠡᠷᠭᠡ ᠲᠠᠯ ᠠ ᠪᠡᠷ ᠠᠳᠠᠯᠢ ᠲᠦᠰᠲᠡᠢ ᠭᠠᠵᠠᠷ ᠤᠯᠠᠨ ᠪᠠᠢᠳᠠᠭ᠃ᠢᠩᠬᠢᠭᠡᠳ ᠠᠶᠠᠨᠳᠠᠭᠠᠨ ᠲᠤᠤᠷᠠᠬᠢ ᠠᠰᠠᠭᠤᠳᠠᠯ ᠭᠠᠷᠴᠦ ᠢᠷᠡᠪᠡ᠄ᠮᠣᠩᠭᠤᠯ ᠲᠦᠪᠡᠳ ᠬᠤᠶᠠᠷ ᠦᠨᠳᠦᠰᠦᠲᠡᠨ ᠤ ᠲᠤᠮᠳᠠ ᠤᠯᠠᠮᠵᠢᠠᠯᠭᠳᠠᠵᠤ ᠪᠠᠢᠭ᠎ᠠ《ᠭᠡᠰᠡᠷ》 ᠨᠢ ᠨᠢᠭᠡ ᠵᠣᠬᠢᠶᠠᠯ ᠤᠨ ᠠᠳᠠᠯᠢ ᠪᠣᠰᠤ ᠬᠤᠪᠢᠯᠪᠤᠷᠢ ᠶᠣᠮ ᠤᠤ᠂ ᠲᠤᠰ ᠲᠤᠰ ᠪᠡᠶ ᠠᠪᠠᠨ ᠲᠠᠭᠠᠭᠠᠭᠰᠠᠨ ᠵᠣᠬᠢᠶᠠᠯ ᠶᠣᠮ ᠤᠤ? ᠲᠡᠳᠡᠭᠡᠷ ᠤᠨ ᠬᠤᠭᠤᠷᠤᠨᠳᠤᠬᠢ ᠬᠠᠷᠢᠴᠠᠭ᠎ᠠ ᠨᠢ ᠴᠣᠬᠤᠮ ᠶᠠᠮᠠᠷ ᠪᠤᠢ᠂ ᠡᠬᠢ ᠤᠷᠤᠰᠬᠠᠯ ᠤᠨ ᠬᠠᠷᠢᠴᠠᠭ᠎ᠠ ᠪᠠᠢᠨᠡᠦ ᠦᠭᠡᠢ ᠤᠤ? ᠬᠡᠷᠪᠡ ᠡᠬᠢ ᠤᠷᠤᠰᠬᠠᠯ ᠤᠨ ᠬᠠᠷᠢᠴᠠᠭ᠎ᠠ ᠲᠠᠢ ᠪᠣᠯ ᠠᠯᠢ ᠨᠢ ᠡᠬᠢ᠂ ᠠᠯᠢ ᠨᠢ ᠤᠷᠤᠰᠬᠠᠯ ᠪᠤᠢ? ᠡᠳᠡᠭᠡᠷ ᠠᠰᠠᠭᠤᠳᠠᠯ ᠨᠢ ᠤᠷᠲᠤ ᠬᠤᠭᠤᠴᠠᠭ᠎ᠠ ᠬᠦᠮᠦᠰ ᠤᠨ ᠮᠠᠷᠭᠤᠭᠠᠨ ᠢ ᠡᠭᠦᠰᠭᠡᠵᠦ᠂ ᠡᠳᠦᠭᠡ ᠪᠣᠯᠳᠠᠯ ᠠ ᠨᠢᠭᠡᠳᠦᠯᠳᠡᠢ ᠳ᠋ᠦᠩ ᠭᠠᠷᠤᠭ᠎ᠠ ᠦᠭᠡᠢ ᠪᠠᠢᠨ᠎ᠠ᠃ |