摘要 |
ᠡᠷᠲᠡᠨ ᠤ ᠶᠡᠬᠡ ᠰᠢᠯᠦᠭᠴᠢ ᠳ᠋ᠦ᠋ ᠹᠦ᠋ ᠪᠣᠯ ᠨᠢᠭᠡᠨ ᠠᠬᠤᠢᠴᠢ ᠦᠵᠡᠯ ᠲᠠᠢ ᠰᠢᠯᠦᠭᠴᠢᠨ ᠪᠦᠭᠡᠳ ᠪᠠᠰᠠ ᠨᠢᠭᠡᠨ ᠠᠭᠤᠤ ᠶᠡᠬᠡ ᠡᠬᠡ ᠣᠷᠤᠨᠴᠢ ᠦᠵᠡᠯᠲᠡᠨ ᠮᠦᠨ᠃ ᠲᠡᠷᠡ ᠦᠪᠡᠷ ᠤᠨ ᠡᠬᠡ ᠣᠷᠤᠨ ᠪᠣᠯᠤᠨ ᠬᠦᠳᠡᠯᠮᠦᠷᠢᠴᠢᠨ ᠠᠷᠠᠳ ᠲᠦᠮᠡᠨ ᠳᠡᠭᠡᠨ ᠭᠦᠨ ᠵᠤᠵᠠᠭᠠᠨ ᠬᠠᠢᠷᠠᠲᠠᠢ ᠪᠠᠢᠳᠠᠭ᠃ ᠡᠨᠡ ᠨᠢ ᠮᠠᠨ ᠤ ᠡᠬᠡ ᠣᠷᠤᠨ ᠪᠠ ᠠᠷᠠᠳ ᠲᠦᠮᠡᠨ ᠤ ᠣᠮᠤᠭᠰᠢᠯ ᠪᠣᠯᠬᠤ ᠶᠣᠰᠤᠳᠠᠢ᠃ ᠳ᠋ᠦ᠋ ᠹᠦ᠋ ᠶᠢᠨ ᠡᠨᠡ ᠮᠡᠲᠦ ᠡᠬᠡ ᠣᠷᠤᠨ ᠠᠷᠠᠳ ᠲᠦᠮᠡᠨ ᠤ ᠤᠮᠤᠭᠰᠢᠯ ᠪᠣᠯᠵᠤ ᠴᠢᠳᠠᠭᠰᠠᠨ ᠤᠴᠢᠷ ᠨᠢ ᠲᠡᠢᠮᠦ ᠬᠢᠯᠪᠠᠷ ᠪᠦᠭᠡᠳ ᠭᠡᠨᠡᠨᠳᠲᠡ ᠶᠢᠨ ᠤᠴᠢᠷ ᠪᠢᠰᠢ᠂ ᠬᠠᠷᠢᠨ ᠲᠡᠬᠦᠨ ᠤ ᠪᠡᠶᠡᠴᠢ ᠪᠠ ᠪᠡᠰᠤᠳᠴᠢ ᠵᠡᠷᠭᠡ ᠤᠯᠠᠨ ᠲᠠᠯ ᠠ ᠶᠢᠨ ᠨᠦᠬᠦᠴᠡᠯ ᠡᠴᠡ ᠪᠣᠯᠤᠭᠰᠠᠨ ᠪᠠᠢᠨ᠎ᠠ᠃ ᠡᠭᠦᠨ ᠳ᠋ᠤ ᠶᠠᠭᠤᠨ ᠤ ᠤᠷᠢᠳ ᠲᠡᠭᠦᠨ ᠤ ᠠᠵᠤ ᠲᠦᠷᠦᠵᠦ ᠪᠠᠢᠭᠰᠠᠨ ᠴᠠᠭ ᠦᠶ ᠡ᠂ ᠣᠷᠴᠢᠨ ᠲᠤᠭᠤᠷᠢᠨ ᠡᠴᠡ ᠰᠢᠯᠲᠠᠭᠠᠯᠠᠭᠳᠠᠵᠤ ᠶᠣᠮ᠃
|