摘要 |
ᠡᠷᠲᠡᠨ ᠤ ᠭᠸᠷᠢᠭ ᠪᠣᠯ ᠡᠸᠥ᠋ᠷᠦᠫᠡ ᠶᠢᠨ ᠰᠣᠶᠣᠯ ᠤᠨ ᠦᠯᠦᠭᠡᠢ ᠶᠣᠮ᠃ ᠡᠾᠬᠢᠸᠯ ᠡᠴᠡ《 ᠭᠦᠨ ᠤᠬᠠᠭᠠᠨ ᠤ ᠶᠠᠷᠢᠶᠠᠨ ᠤ ᠲᠡᠮᠳᠡᠭᠯᠡᠯ》ᠳ᠋ᠡᠭᠡᠨ《ᠭᠸᠷᠢᠭ ᠭᠡᠳᠡᠭ ᠨᠡᠷ ᠡ ᠰᠣᠶᠣᠯ ᠪᠣᠯᠪᠠᠰᠤᠷᠠᠯ ᠲᠠᠢ ᠡᠸᠦ᠋ᠷᠦᠫᠡ ᠬᠦᠮᠦᠨ ᠤ ᠰᠡᠳᠬᠢᠯ ᠳ᠋ᠤ᠂ᠢᠯᠠᠩᠭᠤᠶ ᠠ ᠮᠠᠨ ᠤ ᠭᠸᠷᠮᠠᠨ ᠬᠦᠮᠦᠨ ᠤ ᠰᠡᠳᠬᠢᠯ ᠳ᠋ᠤ ᠡᠬᠡ ᠨᠤᠲᠤᠭ ᠢᠢᠡᠨ ᠰᠠᠨᠠᠬᠤ ᠪᠣᠳᠤᠯ ᠢ ᠲᠦᠷᠦᠭᠳᠡᠬᠦᠯᠳᠡᠭ᠌ ᠶᠣᠮ》ᠭᠡᠵᠦ ᠲᠡᠳᠡᠭᠯᠡᠭᠰᠡᠨ ᠪᠠᠢᠳᠠᠭ᠃ ᠡᠨᠡ ᠪᠣᠯ ᠡᠸᠦ᠋ᠷᠦᠫᠡ ᠦᠮᠦᠨ ᠤ ᠬᠠᠮᠤᠭ ᠤᠨ ᠨᠡᠢᠲᠡᠯᠢᠭ ᠦᠵᠡᠯᠲᠡ ᠪᠣᠯᠤᠨ᠎ᠠ᠃ ᠤᠴᠢᠷ ᠨᠢ《 ᠭᠸᠷᠢᠭ ᠤᠨ ᠰᠣᠶᠣᠯ ᠬᠢᠭᠡᠳ ᠷᠤᠯᠠ ᠬᠠᠭᠠᠨᠲᠤ ᠤᠯᠤᠰ ᠤᠨ ᠴᠣᠭᠴᠠᠯᠠᠭᠰᠠᠨ ᠰᠠᠭᠤᠷᠢ ᠦᠭᠡᠢ ᠪᠣᠯ ᠲᠠᠷᠤᠢ ᠦᠨᠦᠳᠦᠷ ᠤᠨ ᠡᠸᠦ᠋ᠷᠦᠫᠡ ᠪᠠᠢᠵᠤ ᠴᠢᠳᠠᠬᠤ ᠦᠭᠡᠢ ᠪᠢᠯᠡ》᠃ ᠡᠨᠡᠬᠦ ᠪᠠᠢᠳᠠᠯ ᠤᠳᠬ ᠠ ᠵᠣᠬᠢᠶᠠᠯ ᠤᠷᠠᠯᠢᠭ ᠤᠨ ᠬᠦᠷᠢᠶᠡᠨ ᠳ᠋ᠤ ᠨᠡᠩ ᠲᠤᠳᠤᠷᠬᠠᠢ ᠢᠯᠡᠷᠡᠵᠦ ᠪᠠᠢᠨ᠎ᠠ᠃ ᠶᠠᠭ ᠺᠤᠨᠰᠲ᠋ᠠᠨᠲ᠋ᠢᠨᠪᠦ᠋ᠷᠡᠩ ᠡᠪᠳᠡᠷᠡᠯ ᠳ᠋ᠤ ᠤᠴᠠᠷᠠᠵᠤ᠂ ᠡᠷᠲᠡᠨ ᠤ ᠭᠸᠷᠢᠭ ᠤᠨ ᠰᠣᠶᠣᠯ ᠤᠷᠠᠯᠢᠭ ᠲᠠᠬᠢᠨ ᠢᠯᠡᠷᠡᠭᠰᠡᠨ ᠡᠴᠡ ᠪᠣᠯᠵᠤ᠂ ᠪᠦᠬᠦ ᠡᠸᠦ᠋ᠷᠦᠫᠡ ᠵᠢ ᠲᠤᠩᠰᠤᠯᠭᠠᠭᠰᠠᠨ ᠤᠳᠬ ᠠ ᠤᠷᠠᠯᠢᠭ ᠤᠨ ᠮᠠᠨᠳᠤᠯ ᠤᠨ ᠰᠢᠭᠤᠷᠭ᠎ᠠ ᠢᠰᠬᠢᠷᠤᠨ ᠱᠤᠤᠬᠢᠵᠤ ᠣᠷᠴᠢᠨ ᠦᠶ ᠠ ᠶᠢᠨ ᠬᠦᠷᠦᠩᠭᠡᠲᠦ ᠠᠩᠬᠢ ᠶᠢᠨ ᠤᠳᠬ ᠠ ᠵᠣᠬᠢᠶᠠᠯ᠂ ᠤᠷᠠᠯᠢᠭ ᠤᠨ ᠰᠢᠨ᠎ᠡ ᠡᠷᠢᠨ ᠡᠬᠢᠯᠡᠭᠰᠡᠨ ᠶᠣᠮ᠃ |