论文信息


题名 《ᠮᠣᠩᠭᠤᠯ ᠤᠨ ᠨᠢᠭᠤᠴᠠ ᠲᠤᠪᠴᠢᠶᠠᠨ》 ᠵᠤᠬᠢᠶᠠᠭᠴᠢ ᠪᠣᠯ ᠪᠣᠷᠵᠢᠬᠢᠳ ᠤᠪᠤᠭᠲᠠᠨ ᠤ ᠬᠢᠨ ᠮᠦᠨ
作者 ᠪ•ᠰᠦᠬᠡ
关键词
摘要 《ᠮᠣᠩᠭᠤᠯ ᠤᠨᠨᠢᠭᠤᠴᠠ ᠲᠤᠪᠴᠢᠶᠠᠨ》 ᠤ ᠵᠣᠬᠢᠶᠠᠭᠴᠢ ᠶᠢᠨ ᠲᠤᠬᠠᠢ ᠠᠰᠠᠭᠤᠳᠠᠯ ᠪᠣᠯ 《ᠮᠣᠩᠭᠤᠯ ᠤᠨ ᠨᠢᠭᠤᠴᠠ ᠲᠤᠪᠴᠢᠶᠠᠨ》 ᠤ ᠰᠣᠳᠤᠯᠤᠯᠭᠠᠨ ᠤ ᠴᠢᠬᠤᠯᠠ ᠨᠢᠭᠡᠨ ᠪᠣᠳᠤᠯᠢᠶᠠᠨᠲᠠᠢ ᠠᠰᠠᠭᠤᠳᠠᠯ ᠮᠦᠨ᠃ ᠦᠩᠭᠡᠷᠡᠭᠰᠡᠨ ᠳ᠋ᠤ ᠭᠠᠳᠠᠭᠠᠳᠤ ᠲᠤᠲᠤᠭᠠᠳᠤ ᠶᠢᠨ ᠡᠷᠳᠡᠮᠲᠡᠳ《ᠨᠢᠭᠤᠴᠠ ᠲᠤᠪᠴᠢᠶᠠᠨ》 ᠤ ᠵᠣᠬᠢᠶᠠᠭᠴᠢ ᠨᠢ ᠭᠡᠨ ᠪᠣᠯᠬᠤ ᠲᠣᠬᠠᠢ ᠠᠳᠠᠯᠢ ᠪᠤᠰᠤ ᠶᠢᠨ ᠦᠵᠡᠯᠲᠠ ᠪᠠᠨ ᠲᠤᠷᠠᠳᠤᠭᠰᠠᠭᠠᠷ ᠢᠷᠡᠵᠡᠢ᠃ ᠡᠭᠦᠨ ᠳ᠋ᠤ᠄ᠰᠢᠬᠢᠬᠤᠲᠤᠭ ᠪᠣᠯ 《ᠨᠢᠭᠤᠴᠠ ᠲᠤᠪᠴᠢᠶᠠᠨ》 ᠤ ᠵᠣᠬᠢᠶᠠᠭᠴᠢ ᠮᠦᠨ᠃ ᠪᠢᠴᠢᠵᠦ ᠵᠣᠬᠢᠶᠠᠬᠤ ᠳ᠋ᠠᠭᠠᠨ ᠴᠢᠳᠠᠮᠠᠭᠠᠢ ᠤᠢᠭᠤᠷ ᠬᠦᠮᠦᠨ ᠪᠣᠯ 《ᠨᠢᠭᠤᠴᠠ ᠲᠤᠪᠴᠢᠶᠠᠨ》 ᠤ ᠵᠣᠬᠢᠶᠠᠭᠴᠢ ᠪᠡᠯᠤᠨ᠎ᠠ; ᠶᠸ ᠯᠢᠤᠢ ᠴᠦ ᠼᠠᠢ ᠪᠣᠯ 《ᠨᠢᠭᠤᠴᠠ ᠲᠤᠪᠴᠢᠶᠠᠨ》 ᠤ ᠵᠣᠬᠢᠶᠠᠭᠴᠢ ᠪᠠᠢᠬ᠎ ᠠ ᠭᠡᠵᠦ ᠦᠵᠡᠵᠦ ᠪᠤᠢ; ᠵᠢᠩᠬᠢᠨᠢ᠂ ᠬᠡᠷᠡᠢᠢᠳᠭᠡ᠂ ᠰᠡᠴᠡᠭᠦᠷ ᠨᠠᠷ ᠪᠣᠯ《ᠨᠢᠭᠤᠴᠠ ᠲᠤᠪᠴᠢᠶᠠᠨ》 ᠤ ᠵᠣᠬᠢᠶᠠᠭᠴᠢ ᠮᠦᠨ ᠭᠡᠵᠦ ᠦᠵᠡᠵᠦ ᠪᠤᠢ᠃ ᠡᠭᠦᠨ ᠡᠴᠡ ᠭᠠᠳᠠᠨ᠎ᠠ᠂ ᠪᠣᠰᠤᠳ ᠶᠠᠩᠵᠤ ᠪᠡᠷ ᠲᠠᠭᠠᠵᠤ ᠲᠠᠭᠠᠮᠠᠭᠯᠠᠵᠤ ᠪᠠᠢᠭ᠎ᠠ ᠡᠷᠲᠡᠮᠲᠡᠳ ᠴᠦ ᠪᠠᠢᠨ᠎ᠠ᠃ ᠲᠡᠭᠡᠷᠡᠬᠢ ᠡᠷᠲᠡᠮᠲᠡᠳ ᠤᠨ ᠦᠵᠡᠯᠲᠡ ᠳ᠋ᠤ ᠬᠤᠪᠢ ᠬᠦᠮᠦᠨ ᠰᠡᠵᠢᠭ ᠲᠠᠢ ᠲᠤᠯᠤ ᠦᠪᠡᠷ ᠤᠨ ᠦᠵᠡᠯᠲᠡ ᠪᠠᠨ ᠵᠣᠷᠢᠭᠲᠠᠢ ᠲᠤᠷᠠᠳᠬᠤ ᠬᠡᠷᠡᠭᠲᠡᠢ ᠪᠣᠯᠵᠠᠢ᠃ ᠮᠢᠨᠦ ᠦᠵᠡᠬᠦ ᠪᠡᠷ᠂ 《ᠨᠢᠭᠤᠴᠠ ᠲᠤᠪᠴᠢᠶᠠᠨ》  ᠤ ᠵᠣᠬᠢᠶᠠᠭᠴᠢ ᠪᠣᠯ ᠬᠠᠷᠢ ᠦᠨᠳᠦᠰᠦᠲᠡᠨ ᠤ ᠬᠦᠮᠦᠨ ᠪᠢᠰᠢ᠂ ᠮᠦᠨᠴᠦ ᠬᠠᠭᠠᠨ ᠤ ᠣᠷᠲᠤᠨ ᠤ ᠶᠡᠬᠡ ᠲᠦᠰᠦᠮᠡᠳ ᠪᠠ ᠰᠣᠳᠤᠷᠴᠢ ᠲᠦᠰᠢᠮᠡᠯ ᠴᠦ ᠪᠢᠰᠢ᠂ ᠬᠠᠷᠢᠨ ᠴᠢᠩᠬᠢᠰ ᠤᠨ ᠠᠯᠲᠠᠨ ᠤᠷᠤᠭᠲᠠᠨ ᠤ ᠪᠤᠷᠵᠢᠬᠢᠳ ᠤᠪᠤᠭᠲᠠᠨ ᠤ ᠬᠢᠨ ᠮᠦᠨ ᠪᠣᠯᠬᠤ ᠨᠢ ᠯᠠᠪᠲᠠᠢ ᠃ ᠲᠤᠰ ᠦᠭᠦᠯᠡᠯ ᠳ᠋ᠤ ᠲᠡᠦᠬᠡᠨ ᠤᠬᠠᠭᠠᠨ᠂ᠨᠡᠢᠭᠡᠮ ᠤᠨ ᠰᠡᠳᠬᠢᠴᠡ ᠵᠦᠢ ᠪᠤᠯᠤᠨ ᠠᠷᠠᠳ ᠤᠨ ᠵᠠᠩ ᠠᠭᠠᠯᠢ ᠶᠢᠨ ᠤᠬᠠᠭᠠᠨ ᠤ ᠡᠭᠦᠳᠡᠨ ᠡᠴᠡ ᠦᠪᠡᠷ ᠤᠨ ᠲᠤᠷᠠᠳᠤᠭᠰᠠᠨ ᠦᠵᠡᠯᠲᠡ ᠪᠠᠨ ᠨᠤᠲᠠᠯᠠᠬᠤ ᠪᠣᠯᠤᠨ᠎ᠠ᠃
原文 没有原文
出自 内蒙古师范大学学报 1990年 第2期

联系我们


内蒙古大学图书馆
呼和浩特市大学西路235号
中国·内蒙古
P: (0471) 4992561
E: huangfeilong@imu.edu.cn