摘要 |
ᠴᠢᠩᠬᠢᠰ ᠬᠠᠭᠠᠨ ᠲᠦᠷᠦ ᠦᠢᠯᠡᠰ ᠢᠢᠡᠨ ᠴᠣᠭᠴᠠᠯᠠᠨ ᠪᠠᠢᠭᠤᠯᠬᠤ ᠶᠠᠪᠤᠴᠠ ᠳ᠋ᠤ 《ᠭᠡᠷ ᠤᠨ ᠦᠢᠯᠡ 》 ᠪᠠ《ᠭᠡᠭᠡᠷ ᠡ ᠶᠢᠨ ᠦᠢᠯᠡ》 ᠵᠢ ᠵᠦᠪ ᠤᠨᠤᠪᠴᠢᠲᠠᠢ ᠲᠠᠨᠢᠵᠤ ᠰᠢᠢᠳᠪᠦᠷᠢᠯᠷᠵᠦ ᠴᠢᠳᠠᠭᠰᠠᠨ ᠪᠠᠢᠨ᠎ᠠ᠃ ᠴᠢᠩᠾᠢᠰ ᠬᠠᠭᠠᠨ ᠬᠢᠭᠡᠳ ᠸᠠᠩ ᠬᠠᠨ ᠤ ᠬᠤᠭᠤᠷᠤᠨᠳᠤᠬᠢ ᠵᠦᠷᠢᠴᠡᠯ ᠤᠨ ᠡᠭᠦᠰᠦᠯ᠂ᠦᠷᠨᠢᠯᠲᠡ᠂ ᠲᠡᠭᠦᠰᠭᠡᠯ ᠪᠣᠯ ᠴᠢᠩᠬᠢᠰ ᠬᠠᠭᠠᠨ ᠤ ᡁ《ᠭᠡᠭᠡᠷ ᠡ ᠶᠢᠨ ᠦᠢᠯᠡ ᠭᠡᠭᠡᠷ ᠡ ᠬᠦ ᠨᠤᠶᠠᠯᠠᠬᠤ》 ᠶᠢᠨ ᠪᠣᠳᠠᠳᠠᠢ ᠰᠠᠢᠨ ᠵᠢᠱᠢᠶ ᠡ ᠪᠣᠯᠬᠤ ᠪᠦᠭᠡᠳ ᠡᠨᠡᠬᠦ ᠬᠦᠷᠢᠴᠡᠯ ᠲᠡᠮᠡᠴᠡᠯ ᠢ ᠵᠦᠢᠲᠡᠢ ᠪᠦᠭᠡᠳ ᠤᠨᠤᠭᠴᠢᠲᠠᠢ ᠰᠢᠢᠳᠪᠦᠷᠢᠯᠡᠵᠦ ᠴᠢᠳᠠᠭᠰᠠᠨ ᠨᠢ ᠲᠡᠦᠭᠡᠨ ᠬᠤᠪᠢ ᠳ᠋ᠤ ᠲᠤᠩ ᠶᠡᠬᠡ ᠦᠢᠯᠡᠳᠦᠯ ᠢ ᠦᠵᠡᠭᠦᠯᠵᠡᠢ᠃ ᠲᠤᠰ ᠦᠭᠦᠯᠡᠯ ᠳ᠋ᠤ ᠡᠨᠡᠬᠦ ᠵᠦᠷᠢᠴᠡᠯ ᠤᠨ ᠰᠢᠨᠵᠢ ᠴᠢᠨᠠᠷ ᠬᠢᠭᠡᠳ ᠬᠦᠭᠵᠢᠯ ᠤᠨ ᠶᠠᠪᠤᠴᠠ ᠵᠢ ᠮᠦᠷᠲᠡᠨ ᠭᠤᠷᠪᠠᠨ ᠲᠠᠯ ᠠ ᠡᠴᠡ ᠨᠠᠷᠢᠨ ᠲᠤᠳᠤᠷᠬᠠᠢ ᠰᠢᠨᠵᠢᠯᠡᠨ᠂ᠴᠢᠩᠬᠢᠰ ᠬᠠᠭᠠᠨ ᠤ ᠪᠣᠰᠤᠳᠴᠢ ᠬᠡᠷᠡᠭ ᠪᠣᠳᠠᠰ ᠤᠨ ᠬᠦᠭᠵᠢᠯ ᠤᠮ ᠵᠢᠮ ᠡ ᠶᠣᠰᠤ ᠵᠢ ᠤᠢᠯᠠᠭᠠᠵᠤ᠂ ᠠᠰᠢᠭᠯᠠᠵᠤ᠂ ᠬᠡᠷᠡᠭᠵᠢᠭᠦᠯᠦᠨ ᠵᠣᠷᠢᠭᠰᠠᠨ ᠵᠣᠷᠢᠯᠭ᠎ᠠ ᠳ᠋ᠠᠭᠠᠨ ᠬᠦᠷᠴᠦ ᠴᠢᠳᠠᠭᠰᠠᠨ ᠵᠣᠷᠢᠭ ᠰᠦᠰᠦ᠂ ᠠᠪᠢᠶᠠᠰ ᠪᠢᠯᠢᠭ᠂ ᠠᠤᠭ᠎ᠠ ᠴᠢᠳᠠᠯ ᠢ ᠪᠦᠷᠢᠨ ᠤᠢᠯᠠᠭᠠᠵᠤ ᠴᠢᠳᠠᠬᠤ ᠶᠢᠨ ᠲᠠᠨᠭᠤ᠂ ᠴᠢᠩᠬᠢᠰ ᠬᠠᠭᠠᠨ ᠤ ᠪᠣᠰᠤᠳᠴᠢ ᠣᠷᠤᠰᠢᠵᠤ ᠪᠦᠬᠦᠢ ᠵᠦᠷᠢᠴᠡᠯ ᠢ ᠵᠦᠪᠰᠢᠶᠡᠷᠡᠨ ᠵᠣᠷᠢᠭ ᠲᠠᠢ ᠪᠡᠷ ᠬᠠᠨᠳᠤᠵᠤ ᠰᠢᠢᠳᠪᠦᠷᠢᠯᠷᠭᠰᠡᠨ ᠶᠢᠷᠲᠢᠨᠴᠦ ᠶᠢᠨ ᠦᠵᠡᠯᠲᠡ ᠪᠠ ᠠᠷᠭ᠎ᠠ ᠵᠦᠢ ᠶᠢᠨ ᠪᠣᠳᠠᠳᠤ ᠣᠨᠴᠠᠯᠢᠭ ᠬᠢᠭᠡᠳ ᠲᠡᠦᠭᠡ ᠶᠢᠨ ᠲᠤᠷᠰᠢᠯᠭ᠎ᠠ ᠵᠢ ᠦᠨᠡᠯᠡᠨ ᠰᠢᠭᠦᠮᠵᠢᠯᠡᠵᠦ᠂ ᠴᠢᠩᠬᠢᠰ ᠬᠠᠭᠠᠨᠤ ᠬᠢᠯᠠᠯᠵᠠᠭ᠋ᠰᠡᠨ ᠢᠯᠡᠯᠲᠡ ᠤᠯᠤᠭᠰᠠᠨ ᠤ ᠨᠢᠭᠡᠨ ᠲᠠᠯ ᠠ ᠶᠢᠨ ᠤᠴᠢᠷ ᠰᠢᠯᠲᠠᠭᠠᠨ ᠢ ᠲᠣᠳᠤᠷᠬᠠᠢᠯᠠᠬᠤ ᠪᠡᠷ ᠤᠷᠤᠯᠳᠤᠪᠠ᠃ |