摘要 |
ᠦᠭᠦᠯᠡᠯ ᠳ᠋ᠦ ᠲᠦᠷᠪᠡᠨ ᠤᠢᠷᠠᠳ ᠤᠨ ᠨᠢᠭᠡ ᠪᠤᠯᠬᠤ ᠬᠤᠱᠤᠳ ᠠᠢᠮᠠᠭ ᠤᠨ ᠤᠲᠤᠮ ᠭᠠᠷᠪᠠᠯᠢ᠂ ᠤᠪᠤᠭ ᠶᠠᠰᠤ ᠶᠢᠨ ᠲᠤᠬᠠᠢ 17-19ᠳ᠋ᠤᠭᠡᠷ ᠵᠠᠭᠤᠨ ᠳ᠋ᠤ ᠪᠢᠴᠢᠭᠳᠡᠭᠰᠡᠨ ᠤᠢᠭᠤᠷᠵᠢᠨ ᠂ ᠲᠤᠳᠤ ᠮᠣᠩᠭᠤᠯ ᠪᠢᠴᠢᠭ ᠤᠨ ᠰᠤᠷᠪᠤᠯᠵᠢᠢᠰ ᠪᠠ ᠬᠢᠲᠠᠳ᠂ ᠲᠦᠪᠡᠳ ᠬᠡᠯᠡᠨ ᠤ ᠰᠤᠷᠪᠤᠯᠵᠢᠰ ᠲᠤ ᠲᠡᠮᠳᠡᠭᠯᠡᠭᠰᠡᠨ ᠬᠠᠮᠢᠶ ᠠ ᠪᠦᠬᠦᠢ ᠤᠭ ᠤᠨ ᠪᠢᠴᠢᠭ ᠪᠠ ᠲᠡᠭᠦᠨ ᠤ ᠲᠤᠬᠠᠢ ᠬᠤᠵᠢᠮ ᠤᠨ ᠬᠦᠮᠦᠰ ᠤᠨ ᠰᠢᠨᠵᠢᠯᠡᠭᠡᠨ ᠢ ᠬᠠᠷᠢᠴᠠᠭᠤᠯᠤᠨ ᠰᠢᠨᠵᠢᠯᠡᠭᠰᠡᠨ ᠰᠠᠭᠤᠷᠢᠨ ᠳ᠋ᠤ ᠬᠤᠱᠤᠳ ᠨᠤᠶᠠᠳ ᠤᠨ ᠲᠡᠭᠡᠳᠦᠰ ᠨᠢ ᠴᠢᠩᠬᠢᠰ ᠬᠠᠭᠠᠨ ᠤ ᠲᠡᠭᠦᠦ ᠬᠠᠪᠤᠲᠤ ᠬᠠᠰᠠᠷ ᠤᠨ ᠬᠤᠶᠠᠳᠤᠭᠠᠷ ᠬᠦᠪᠡᠭᠦᠨ ᠶᠢᠰᠤᠩᠬᠡ ᠶᠢᠨ ᠬᠤᠢᠴᠢᠰ ᠪᠤᠰᠤ ᠬᠠᠷᠢᠨ ᠬᠠᠰᠠᠷ ᠤᠨ ᠤᠳᠬᠤᠨ ᠬᠦᠪᠡᠭᠦᠨᠲᠤᠬᠤ ᠶᠢᠨ ᠬᠤᠢᠴᠢᠰ᠂ ᠪᠤᠷᠵᠢᠬᠢᠨ ᠤᠪᠤᠭ ᠲᠠᠢ᠃ ᠴᠢᠩ ᠤᠤᠯᠰ ᠤᠨ ᠦᠶ ᠠᠶᠢᠨ ᠲᠤᠳᠤ᠂ ᠮᠣᠩᠭᠤᠯ ᠪᠡ ᠲᠦᠪᠡᠳ ᠰᠤᠷᠪᠤᠯᠵᠢᠰ ᠲᠤ ᠲᠡᠮᠳᠡᠭᠯᠡᠭᠰᠡᠨ ᠬᠤᠱᠤᠳ ᠢᠵᠡᠭᠤᠷᠲᠠᠨ ᠤ ᠤᠪᠤᠭ ᠪᠤᠯᠬᠤ《 ᠭᠠᠯᠭᠠᠰ》 ᠨᠢ 《 ᠭᠠᠯᠠ 》 ᠪᠠ 《ᠬᠢᠶᠰ》 ᠭᠡᠬᠦ ᠬᠤᠶᠠᠷ ᠦᠭᠡ ᠬᠤᠯᠪᠤᠵᠦ ᠪᠦᠲᠦᠭᠰᠡᠨ ᠨᠡᠷ ᠠ ᠦᠭᠡ᠂ ᠡᠭᠦᠨ ᠳ᠋ᠤ《 ᠭᠠᠯ》 ᠭᠡᠳᠡᠭ ᠨᠢ ᠤᠳᠬᠤᠨ ᠬᠦᠪᠡᠭᠦᠨ ᠲᠤᠬᠤ ᠶᠢᠨ ᠬᠤᠴᠢᠰ ᠪᠤᠯᠬᠤ ᠵᠢ ᠢᠯᠡᠳᠭᠡᠵᠦ᠂ 《 ᠬᠢᠶᠠᠰ》 ᠭᠡᠳᠡᠭ ᠨᠢ ᠴᠢᠩᠬᠢᠰ ᠬᠠᠭᠠᠨ ᠤ ᠬᠤᠪᠤᠲᠤ ᠬᠠᠰᠠᠷ ᠤᠨ ᠤᠲᠤᠮ ᠭᠠᠷᠪᠠᠯᠢ ᠪᠤᠯᠬᠤ 《 ᠬᠢᠶᠠᠳ》 ᠶᠠᠰᠤ ᠭᠡᠳᠡᠭ ᠦᠵᠡᠯᠲᠡ ᠵᠢ ᠢᠯᠡᠳᠭᠡᠵᠡᠢ ᠭᠡᠳᠡᠭ ᠦᠵᠡᠯᠲᠡ ᠵᠢ ᠲᠡᠪᠰᠢᠭᠦᠯᠵᠡᠢ᠃ |