摘要 |
ᠲᠤᠮᠳᠠᠳᠤ ᠰᠤᠷᠭᠠᠭᠤᠯᠢ ᠶᠢᠨ ᠰᠤᠷᠬᠤ 《 ᠬᠡᠯᠡ ᠪᠢᠴᠢᠭ》 ᠲᠤ ᠰᠤᠨᠭᠤᠭᠳᠠᠭᠰᠠᠨ ᠢᠷᠠᠭᠤ ᠨᠠᠢᠷᠠᠭ ᠤᠨ ᠵᠢᠱᠢᠶᠡᠨ ᠳ᠋ᠤ ᠰᠢᠯᠦᠭ ᠰᠢᠨᠵᠢᠯᠡᠬᠦᠢ ᠠᠷᠭ᠎ᠠ ᠵᠦᠢ ᠵᠢ ᠲᠠᠨᠢᠯᠴᠠᠭᠤᠯᠵᠤ᠂ ᠶᠠᠭᠤᠨ ᠤ ᠡᠮᠦᠨ᠎ᠠ᠂ ᠬᠡᠯᠪᠡᠷᠢ ᠶᠢᠨ ᠰᠣᠳᠤᠯᠤᠯ᠂ ᠢᠯᠡᠳᠭᠡᠮᠵᠢ ᠶᠢᠨ ᠰᠣᠳᠤᠯᠤᠯ᠂ ᠰᠡᠳᠬᠢᠴᠡ ᠶᠢᠨ ᠰᠣᠳᠤᠯᠤᠯ᠂ ᠵᠤᠬᠢᠶᠠᠯ ᠪᠠᠢᠭᠤᠯᠬᠤ ᠬᠡᠯᠪᠡᠷᠢ ᠶᠢᠨ ᠰᠣᠳᠤᠯᠤᠯ᠂ ᠭᠤᠤ ᠠ ᠶᠢᠷᠲᠢᠨᠴᠦ ᠶᠢᠨ ᠰᠣᠳᠤᠯᠤᠯ ᠵᠡᠷᠭᠡ ᠲᠠᠪᠬᠤᠷᠭ᠎ᠠ ᠡᠴᠡ ᠲᠸᠺᠰᠲ ᠤᠨ ᠶᠢᠷᠲᠢᠨᠴᠦ ᠳ᠋ᠤ ᠲᠤᠳᠤᠭᠠᠲᠤ ᠰᠣᠳᠤᠯᠤᠯ ᠬᠢᠵᠦ᠂ ᠲᠠᠬᠢᠨ ᠰᠢᠯᠦᠭ ᠵᠦᠢ ᠶᠢᠨ ᠬᠦᠭᠡᠭᠡᠴᠡᠯᠳᠦᠯ᠂ ᠭᠤᠤ ᠠ ᠵᠦᠢ ᠶᠢᠨ ᠰᠤᠩᠭᠤᠯᠲᠠ᠂ ᠤᠷᠠᠨ ᠵᠤᠬᠢᠶᠠᠯ ᠤᠨ ᠤᠯᠠᠮᠵᠢᠯᠠᠯ᠂ ᠬᠠᠷᠢᠴᠠᠭᠤᠯᠤᠭᠰᠠᠨ ᠬᠠᠷᠠᠭ᠎ᠠ ᠵᠡᠷᠭᠡ ᠲᠠᠯ ᠠ ᠡᠴᠡ ᠬᠡᠯᠡᠨ ᠤ ᠤᠷᠴᠢᠨ ᠤ ᠭᠠᠳᠠᠭᠠᠲᠤ ᠰᠣᠳᠤᠯᠤᠯ ᠬᠢᠵᠡᠢ᠃ ᠬᠠᠮᠤᠭ ᠤᠨ ᠰᠡᠬᠦᠯ ᠳ᠋ᠤ ᠤᠳᠬ ᠠ ᠰᠡᠳᠦᠪ ᠤᠨ ᠪᠦᠷᠢᠳᠭᠡᠯ ᠪᠠ ᠰᠣᠳᠤᠯᠤᠯ ᠬᠢᠬᠦ ᠶᠢᠨ ᠲᠠᠭᠤ《ᠬᠡᠯᠡ ᠪᠢᠴᠢᠭ》 ᠲᠤ ᠤᠷᠤᠰᠢᠤᠵ ᠪᠠᠢᠭ᠎ᠠ ᠠᠰᠠᠭᠤᠳᠠᠯ ᠢ ᠲᠤᠷᠠᠳᠤᠨ ᠰᠠᠨᠠᠭᠠᠯᠤᠮᠵᠢ ᠦᠭᠬᠦ ᠵᠢ ᠬᠢᠴᠢᠶᠡᠪᠡ᠃ |