摘要 |
ᠪᠤᠷᠢᠶᠠᠳ ᠤᠨ ᠮᠣᠩᠭᠤᠯ ᠪᠢᠴᠢᠮᠡᠯ《 ᠭᠠᠨᠵᠤᠤᠷ》 ᠤᠨ ᠰᠣᠳᠤᠯᠤᠯ ᠰᠠᠶᠢᠬᠠᠨ ᠡᠴᠡ ᠡᠬᠢᠯᠡᠵᠦ ᠪᠠᠢᠨ᠎ᠠ᠃ ᠲᠤᠰ ᠦᠭᠦᠯᠡᠯ ᠮᠠᠨᠢ ᠪᠤᠷᠢᠶᠠᠳ ᠤᠨ ᠮᠣᠩᠭᠤᠯ ᠪᠢᠴᠢᠮᠡᠯ 《ᠭᠠᠨᠵᠤᠤᠷ》 ᠤᠨ ᠲᠤᠬᠠᠢ ᠮᠢᠨᠤ ᠠᠩᠬᠠᠨ ᠤ ᠰᠢᠨᠵᠢᠯᠡᠯ ᠪᠤᠯᠬᠤᠷ ᠤᠯᠠᠨ ᠠᠰᠠᠭᠤᠳᠠᠯ ᠢ ᠬᠦᠨᠳᠡᠵᠦ ᠴᠢᠳᠠᠭ᠎ᠠ ᠦᠭᠡᠢ᠂ ᠠᠩᠬᠠᠷᠤᠯ ᠢᠢᠡᠨ ᠭᠤᠤᠯ ᠨᠢ ᠬᠠᠳᠠᠭᠠᠯᠠᠯᠲᠠ ᠶᠢᠨ ᠪᠠᠢᠳᠠᠯ᠂ ᠪᠦᠲᠦᠭᠡᠭᠳᠡᠭᠰᠡᠨ ᠴᠠᠭ ᠦᠶ ᠠ ᠪᠠ ᠰᠣᠳᠤᠯᠭᠠᠨ ᠤ ᠦᠨ᠎ᠠ ᠴᠡᠨ᠎ᠠ ᠵᠡᠷᠭᠡ ᠲᠠᠯ ᠠ ᠳ᠋ᠤ ᠬᠠᠨᠳᠤᠭᠤᠯᠵᠤ ᠰᠢᠨᠵᠢᠯᠡᠨ ᠦᠭᠦᠯᠡᠪᠡ᠃ ᠡᠳᠡᠭᠡᠷ ᠠᠭᠤᠯᠭ᠎ᠠ ᠨᠢ ᠰᠤᠷᠪᠤᠯᠵᠢ ᠪᠴᠢᠭ ᠰᠣᠳᠤᠯᠤᠯ ᠤᠨ ᠡᠩ ᠲᠡᠷᠢᠬᠦᠨ ᠳ᠋ᠤ ᠲᠤᠳᠤᠷᠬᠠᠢᠯᠠᠬᠤ ᠶᠤᠰᠤᠲᠠᠢ ᠴᠢᠬᠤᠯ ᠠᠰᠠᠭᠤᠳᠠᠯ ᠤᠳ ᠮᠦᠷᠲᠡᠭᠡᠨ ᠴᠠᠭᠠᠰᠢᠲᠠ ᠶᠢᠨ ᠰᠣᠳᠤᠯᠭᠠᠨ ᠳ᠋ᠤ ᠪᠡᠯᠡᠳᠭᠡᠯ ᠰᠠᠭᠤᠷᠢ ᠨᠢ ᠪᠤᠯᠬᠤ ᠤᠴᠢᠷ ᠡᠴᠡ ᠡᠷᠲᠡᠮ ᠰᠢᠨᠵᠢᠯᠭᠡᠨ ᠤ ᠵᠤᠬᠢᠬᠤ ᠦᠨ᠎ᠠ ᠦᠷᠲᠡᠭ ᠲᠠᠢ ᠰᠣᠳᠤᠯᠭᠠᠨ ᠪᠤᠯᠬᠤ ᠪᠠᠢᠬ᠎ᠠ ᠭᠡᠵᠦ ᠦᠵᠡᠨ᠎ᠠ᠃ |