摘要 |
ᠶᠤᠣᠠᠩ ᠤᠯᠤᠰ ᠤᠨ ᠦᠶ ᠡ ᠳ᠋ᠤ ᠪᠣᠷᠬᠠᠨ ᠤ ᠱᠠᠰᠢᠨ ᠮᠣᠩᠭᠤᠯ ᠣᠷᠤᠨ ᠳ᠋ᠤ ᠬᠦᠴᠦᠳᠡᠢ ᠲᠡᠯᠭᠡᠷᠡᠵᠦ᠂ ᠮᠣᠩᠭᠤᠯᠴᠤᠳ ᠤᠨ ᠦᠵᠡᠯ ᠤᠬᠠᠮᠰᠠᠷ ᠤᠨ ᠴᠡᠷ ᠠ ᠬᠦᠷᠢᠶᠡᠨ ᠡ ᠤᠴᠢᠲᠠᠢ ᠨᠦᠯᠦᠭᠡᠯᠡᠬᠦ ᠪᠣᠯᠤᠭᠰᠠᠨ᠃ ᠡᠨᠡ ᠨᠢ ᠬᠤᠵᠢᠮ ᠮᠢᠩ ᠴᠢᠩ ᠤᠨ ᠦᠶ ᠡ ᠳ᠋ᠤ ᠰᠢᠨ᠎ᠡ ᠪᠡᠷ ᠮᠠᠨᠳᠤᠭᠰᠠᠨ ᠰᠢᠷ ᠠ ᠶᠢᠨ ᠱᠠᠰᠢᠨ ᠮᠣᠩᠭᠤᠯ ᠣᠷᠤᠨ ᠳ᠋ᠤ ᠲᠦᠷᠭᠡᠨ ᠪᠦᠭᠡᠳ ᠲᠡᠯᠭᠡᠷ ᠨᠡᠪᠲᠡᠷᠡᠵᠦ ᠨᠡᠷᠪᠡᠬᠦ ᠳ᠋ᠤ ᠲᠦᠢᠯ ᠤᠨ ᠲᠦᠳᠡ ᠲᠦᠭᠦᠮ ᠪᠣᠯᠤᠭᠰᠠᠨ ᠪᠠᠢᠯ᠎ᠠ᠃ ᠮᠣᠩᠭᠤᠯᠴᠤᠳ ᠲᠤ ᠴᠤᠯ ᠤᠯᠤᠰ ᠲᠦᠷᠦ᠂ ᠭᠦᠨ ᠤᠬᠠᠭᠠᠨ ᠤ ᠲᠤᠰᠬᠠᠢ ᠤᠨᠤᠯ ᠤᠨ ᠵᠣᠬᠢᠶᠠᠯ ᠬᠡᠮᠡᠷ ᠵᠦᠢᠯ ᠤᠯᠳᠠᠭ᠎ᠠ ᠦᠭᠡᠢ ᠪᠣᠯᠬᠤᠷ ᠲᠤᠰ ᠦᠭᠦᠯᠡᠯ ᠳ᠋ᠤ《ᠲᠤᠭᠤᠷᠳᠠᠬᠤ ᠭᠦᠭᠵᠢᠮ ᠤᠨ ᠲᠠᠭᠤᠤ》 ᠳ᠋ᠤ ᠲᠤᠰᠬᠠᠭᠳᠠᠭᠰᠠᠨ ᠲᠣᠬᠠᠢ ᠶᠢᠨ ᠦᠶ ᠡ ᠶᠢᠨ ᠮᠣᠩᠭᠤᠯᠴᠤᠳ ᠤᠨ ᠭᠦᠨ ᠤᠬᠠᠭᠠᠨ ᠨᠡᠢᠭᠡᠮ ᠤᠨ ᠦᠵᠡᠯ ᠰᠠᠨᠠᠭ᠎ᠠ ᠵᠢ ᠵᠠᠬ᠎ᠠ ᠵᠤᠬ᠎ᠠ ᠡᠴᠡ ᠠᠪᠴᠦ ᠶᠠᠷᠢᠬᠤ ᠪᠣᠯᠤᠨ᠎ᠠ᠃ |