摘要 |
ᠮᠣᠩᠭᠤᠯ ᠲᠦᠷᠦᠯ ᠬᠡᠯᠡᠲᠡᠨ ᠤ ᠲᠠᠷᠬᠠᠴᠠ ᠶᠢᠨ ᠪᠠᠢᠳᠠᠯ ᠢ ᠲᠤᠳᠤᠷᠬᠠᠢᠯᠠᠬᠤ ᠶᠢᠨ ᠬᠠᠮᠲᠤ ᠤᠯᠠᠨ ᠡᠷᠳᠡᠮᠲᠡᠳ ᠤᠨ ᠦᠷᠭᠡᠨ ᠤᠳᠬ ᠠ ᠲᠠᠢ ᠮᠣᠩᠭᠤᠯ ᠬᠡᠯᠡ ᠭᠡᠰᠡᠨ ᠦᠢᠯᠠᠭᠠᠯᠲᠠ ᠶᠢᠨ ᠲᠣᠣᠷ ᠠ ᠬᠡᠯᠡ ᠪᠣᠯᠤᠨ ᠠᠶᠠᠯᠭᠤ ᠵᠢ ᠨᠤᠬᠤᠨ ᠨᠡᠢᠯᠡᠭᠦᠯᠦᠭᠡᠳ ᠮᠣᠩᠭᠤᠯ ᠲᠦᠷᠦᠯ ᠬᠡᠯᠡ ᠵᠢ ᠬᠤᠪᠢᠶᠠᠷᠢᠯᠠᠭᠰᠠᠨ ᠪᠠᠢᠳᠠᠯ ᠪᠣᠯᠤᠨ ᠮᠣᠩᠭᠤᠯ ᠲᠦᠷᠦᠯ ᠭᠡᠯᠡ ᠭᠡᠳᠡᠭ ᠨᠡᠷᠡᠢᠳᠦᠯ ᠤᠨ ᠲᠤᠤᠷ ᠠ ᠮᠣᠩᠭᠤᠯ ᠲᠦᠷᠦᠯ ᠬᠡᠯᠡ ᠵᠢ ᠬᠣᠪᠢᠷᠠᠷᠢᠯᠠᠭᠰᠠᠨ ᠪᠠᠢᠳᠠᠯ ᠢ ᠨᠠᠷᠢᠨ ᠲᠠᠨᠢᠯᠴᠠᠭᠤᠯᠵᠠᠢ᠃ ᠲᠠᠷᠠᠭ᠎ᠠ ᠨᠢ ᠵᠣᠬᠢᠶᠠᠭᠴᠢ᠂ ᠮᠣᠩᠭᠤᠯ ᠲᠦᠷᠦᠯ ᠬᠡᠯᠡ ᠵᠢ ᠮᠣᠩᠭᠤᠯ ᠬᠡᠯᠡ᠂ ᠲᠠᠭᠤᠷ ᠬᠡᠯᠡ᠂ᠮᠣᠩᠭᠤᠷ ᠬᠡᠯᠡ᠂ ᠵᠡᠬᠦᠨ ᠶᠣᠭᠤᠷ ᠬᠡᠯᠡ᠂ ᠪᠨᠣᠣ ᠠᠨ ᠬᠡᠯᠡ᠂ᠳ᠋ᠦᠩᠰᠢᠶᠠᠩ ᠬᠡᠯᠡ ᠵᠡᠷᠭᠡ ᠵᠢᠷᠭᠤᠭᠠᠨ ᠬᠡᠯᠡ ᠪᠡᠷ ᠦᠵᠡᠬᠦ ᠰᠢᠨᠡᠪᠲᠤᠷ ᠰᠠᠨᠯ ᠪᠣᠶᠣ ᠵᠦᠪᠯᠡᠯᠭᠡᠨ ᠢᠢᠡᠨ ᠲᠡᠪᠰᠢᠭᠦᠯᠦᠭᠰᠡᠨ ᠪᠠᠢᠨ᠎ᠠ᠃ ᠴᠠᠰᠢᠲᠠ ᠵᠣᠬᠢᠶᠠᠭᠴᠢ ᠪᠠᠰᠠ ᠬᠢᠳᠡᠨ ᠪᠣᠯᠤᠨ ᠮᠤᠭᠤᠯ ᠤᠨ ᠬᠡᠯᠡ ᠶᠠᠷᠶ ᠠ ᠵᠢ ᠂ᠣᠷᠴᠢᠨ ᠦᠶ ᠡ ᠳ᠋ᠤ ᠣᠷᠤᠰᠢᠵᠤ ᠪᠠᠢᠭ᠎ᠠ ᠮᠣᠩᠭᠤᠯ ᠲᠦᠷᠦᠯ ᠬᠡᠯᠡ ᠳ᠋ᠤ ᠲᠤᠭᠠᠴᠠᠬᠤ ᠦᠭᠡᠢ ᠤᠴᠢᠷ ᠪᠣᠯᠤᠨ ᠬᠠᠯᠢᠮᠠᠭ ᠪᠣ ᠪᠤᠷᠢᠶᠠᠳ ᠤᠨ ᠬᠡᠯᠡ ᠶᠡᠷᠢᠶ ᠠ ᠵᠢ ᠂ᠪᠡᠶ ᠠ ᠪᠠᠨ ᠲᠠᠭᠠᠭᠠᠭᠰᠠᠨ ᠮᠣᠩᠭᠤᠯ ᠲᠦᠷᠦᠯ ᠬᠡᠯᠡᠨ ᠤ ᠲᠡᠭᠲᠡᠷ ᠲᠦ ᠤᠷᠤᠭᠤᠯᠤᠭ᠎ᠠ ᠦᠭᠡᠢ᠂ ᠬᠠᠷᠢᠨ ᠲᠤᠰ ᠲᠤᠰ ᠲᠤᠨᠢ ᠮᠣᠩᠭᠤᠯ ᠬᠡᠯᠡᠨ ᠤ ᠰᠠᠯᠤᠩᠬᠢ ᠨᠤᠲᠤᠭ ᠤᠨ ᠠᠵᠠᠭᠤ ᠭᠡᠵᠦ ᠦᠵᠡᠭᠰᠡᠨ ᠲᠣᠬᠠᠢ ᠪᠠᠨ ᠨᠠᠷᠢᠨ ᠲᠤᠳᠤᠷᠬᠠᠢᠯᠠᠵᠠᠢ᠃ |