摘要 |
ᠯᠠᠮᠠ ᠶᠢᠨ ᠱᠠᠰᠢᠨ ᠤ ᠪᠣᠷᠬᠠᠳ ᠤᠨ ᠬᠦᠷᠦᠭ ᠲᠤ ᠴᠢᠳᠬᠤᠮᠠᠯ᠂ ᠬᠠᠢᠯᠤᠭᠤᠯᠮᠠᠯ᠂ ᠰᠠᠢᠯᠮᠡᠯ᠂ ᠪᠠᠷᠢᠮᠠᠯ ᠪᠤᠢ ᠪᠦᠭᠡᠳ ᠪᠦᠰ ᠤᠨ ᠲᠡᠭᠡᠷ ᠡ ᠪᠣᠶᠣ ᠤᠷᠲᠤ ᠬᠠᠷᠰᠢ ᠶᠢᠨ ᠬᠠᠨ᠎ᠠ᠂ᠲᠤᠯᠭᠠᠭᠤᠷ᠂ ᠲᠡᠭᠡᠭᠦᠷ ᠲᠤ ᠵᠢᠷᠤᠭᠰᠠᠨ ᠵᠡᠷᠭᠡ ᠮᠠᠰᠢ ᠤᠯᠠᠨ ᠶᠠᠩᠵᠤ ᠶᠢᠨ ᠪᠠᠢᠳᠠᠭ᠂ ᠲᠡᠷᠡᠴᠢᠯᠠᠨ ᠪᠦᠷ ᠯᠡ ᠬᠦᠨ ᠵᠤᠵᠠᠭᠠᠨᠦᠩᠭᠡ ᠪᠣᠳᠤᠭ ᠲᠠᠢ ᠪᠢᠯᠡ᠃ ᠡᠳᠡᠭᠡᠷ ᠢ ᠴᠦᠮ ᠲᠦᠪᠡᠳᠴᠦᠳ ᠬᠢᠭᠡᠳ ᠮᠣᠩᠭᠤᠯᠴᠤᠳ᠃ᠢᠯᠠᠩᠭᠤᠶ ᠠ ᠨᠡᠩ ᠤᠯᠠᠨ ᠲᠤᠭ᠎ᠠ ᠤ ᠨᠠᠩᠬᠢᠶᠠᠴᠤᠳ ᠡᠴᠡ ᠦᠢᠯᠡᠳᠴᠦ ᠪᠦᠲᠦᠭᠡᠭᠰᠡᠨ ᠪᠠᠢᠳᠠᠭ᠃ ᠵᠢᠱᠢᠶᠡᠯᠡᠪᠡᠯ᠂ ᠲᠦᠪᠡᠳ ᠣᠷᠤᠨ ᠳ᠋ᠤ ᠬᠦᠷᠲᠡᠯ ᠠ ᠵᠠᠯᠠᠭᠳᠠᠵᠠᠢ ᠬᠡᠮᠡᠭᠳᠡᠳᠡᠭ ᠲᠤᠯᠤᠨ ᠨᠠᠭᠤᠷ ᠤᠨ ᠪᠣᠷᠬᠠᠨ ᠪᠠᠭᠰᠢ ᠶᠢᠨ ᠬᠦᠷᠦᠭ ᠪᠣᠯᠤᠨ ᠪᠠᠢᠯ᠎ᠠ ᠶᠢᠨ ᠰᠦᠮ ᠡ ᠶᠢᠨ ᠪᠤᠷᠬᠠᠳ ᠤᠨ ᠬᠦᠷᠦᠭ ᠨᠢ ᠪᠦᠷ ᠨᠠᠩᠭᠢᠶᠠᠴᠤᠳ ᠡᠴᠡ ᠦᠢᠯᠡᠳᠦᠭᠰᠡᠨ ᠪᠠᠢᠳᠠᠭ᠃ ᠯᠠᠮᠠ ᠨᠠᠷ ᠵᠦᠪᠬᠡᠨ ᠶᠠᠩᠵᠤ ᠬᠡᠯᠪᠡᠷᠢ ᠵᠢ ᠨᠢ ᠵᠢᠭᠠᠵᠤ ᠦᠭᠬᠦ ᠯᠡ ᠲᠡᠳᠦᠢ᠃ |