摘要 |
ᠮᠣᠩᠭᠤᠯ ᠦᠰᠦᠭ ᠤᠨ ᠬᠤᠷᠭᠤᠯᠵᠢᠨ ᠪᠠᠷ ᠢ ᠡᠭᠦᠳᠦᠭᠴᠢ᠂ ᠮᠣᠩᠭᠤᠯ ᠪᠢᠴᠢᠭ ᠤᠨ ᠬᠤᠷᠢᠶ ᠠ ᠵᠢ ᠡᠭᠦᠰᠭᠡᠨ ᠪᠠᠢᠭᠤᠯᠤᠭᠴᠢ ᠬᠦᠮᠦᠨ - ᠲᠡᠮᠭᠡᠲᠦ ᠶᠢᠨ ᠬᠢᠲᠡᠳ ᠨᠡᠷ ᠡ ᠨᠢ ᠶᠢᠨ ᠡᠾᠸᠦ᠃ᠨᠢᠯᠬ᠎ᠠ ᠶᠢᠨ ᠨᠡᠷ ᠡ ᠨᠢ ᠣᠳᠤᠯ᠂ ᠶᠠᠫᠤᠨ ᠤᠯᠤᠰ ᠲᠤ ᠰᠤᠷᠤᠯᠴᠠᠵᠤ ᠪᠠᠢᠬᠤ ᠳ᠋ᠠᠭᠠᠨ ᠹᠦᠷᠦᠮᠠᠰ ᠭᠡᠬᠦ ᠶᠠᠫᠤᠨ ᠨᠡᠷ ᠡᠵᠢ ᠭᠡᠷᠡᠭᠡᠯᠵᠦ ᠪᠠᠢᠪᠠ᠃ ᠲᠡᠮᠭᠡᠳᠦ1887 ᠣᠨ ᠤ ᠪᠢᠯᠢᠭ ᠤᠨ ᠤᠯᠠᠷᠢᠯ ᠤᠨ ᠯᠠ ᠰᠠᠷ ᠠ ᠶᠢᠨ ᠲᠤᠯᠤᠭᠠᠨ ᠤ ᠡᠳᠦᠷ ᠤᠷᠢᠳᠠ ᠶᠢᠨ ᠦᠪᠦᠷ ᠮᠣᠩᠭᠤᠯ ᠤᠨ ᠵᠤᠰᠤᠲᠤ ᠶᠢᠨ ᠴᠢᠭᠤᠯᠭᠠᠨ ᠤ ᠬᠤᠷᠠᠴᠢᠨ ᠪᠠᠷᠠᠭᠤᠨ ᠬᠤᠰᠢᠭᠤᠨ ᠤ ᠸᠠᠩ ᠤᠨ ᠣᠷᠳᠤᠨ ᠤ ᠰᠢ ᠬᠸᠦ(ᠣᠳᠣ ᠶᠢᠨ ᠵᠣᠣ ᠤᠳᠠ ᠠᠢᠮᠠᠭ ᠤᠨ ᠬᠠᠷᠠᠴᠢᠨ ᠪᠠᠷᠠᠭᠤᠨ ᠬᠤᠰᠢᠭᠤ) ᠶᠢᠨ ᠨᠢᠭᠡᠨ ᠶᠠᠳᠠᠭᠤ ᠠᠢᠯ ᠳ᠋ᠤ ᠲᠦᠷᠦᠵᠡᠢ᠃ ᠲᠡᠭᠦᠨ ᠤ ᠡᠪᠦᠭᠡ ᠲᠠᠯᠠᠤᠲᠠᠢ ᠪᠣᠯ ᠬᠠᠷᠠᠴᠢᠨ ᠬᠤᠰᠢᠭᠤᠨ ᠤ ᠵᠠᠬᠢᠷᠤᠭᠴᠢ ᠶᠢᠨ ᠲᠤᠰᠢᠶᠠᠯ ᠳ᠋ᠤ ᠪᠠᠢᠵᠤ᠂ ᠬᠤᠵᠢᠮ ᠨᠢ ᠭᠡᠷ ᠤᠨ ᠠᠮᠢᠳᠤᠷᠠᠯ ᠨᠢ ᠠᠭᠠᠵᠢᠮ ᠢᠢᠡᠷ ᠲᠤᠷᠤᠢᠳᠠᠨ ᠶᠠᠳᠠᠭᠤᠷᠠᠵᠠᠢ᠃ |