摘要 |
ᠲᠤᠰ ᠦᠭᠦᠯᠡᠯ ᠳᠦ ᠂ ᠮᠣᠩ᠋ᠭᠤᠯ ᠬᠡᠯᠡᠨᠦ ᠬᠡᠪᠰᠢᠮᠡᠯ ᠦᠭᠡ ᠪᠤᠯ ᠮᠣᠩ᠋ᠭᠤᠯ ᠦᠨᠳᠦᠰᠦᠲᠡᠨ ᠦ ᠦᠪᠡᠷ ᠦᠨ ᠦᠭᠡ ᠬᠡᠯᠡ ᠪᠤᠢ ᠪᠤᠯᠤᠨ ᠪᠦᠷᠢᠯᠳᠦᠭᠰᠡᠨ ᠶᠠᠪᠤᠴᠠ ᠳᠤᠮᠳᠠᠬᠢ ᠨᠡᠢ᠌ᠭᠡᠮ ᠦᠨ ᠣᠯᠠᠨ ᠲᠠᠯ᠎ᠠ ᠲᠠᠢ ᠰᠢᠭᠤᠳ ᠬᠤᠯᠪᠤᠭᠳᠠᠭᠰᠠᠨ ᠭᠦᠨ ᠤᠬᠠᠭᠠᠯᠢᠭ᠂ ᠤᠷᠠᠯᠢᠭᠵᠢᠭᠤᠯᠤᠭᠰᠠᠨ᠂ ᠯᠤᠬᠢᠭ ᠵᠢᠮ᠎ᠡ ᠶᠤᠰᠤᠨ ᠳᠤ ᠨᠡᠢ᠌ᠴᠡᠭᠰᠡᠨ᠂ ᠬᠡᠪᠰᠢᠨ ᠲᠤᠭᠲᠠᠪᠤᠷᠢᠵᠢᠭᠰᠠᠨ ᠪᠦᠷᠢᠨ ᠪᠦᠲᠦᠨ ᠤᠳᠬ᠎ᠠ ᠰᠠᠨᠠᠭ᠎ᠠ ᠪᠦᠬᠦᠢ ᠪᠡᠯᠡᠨ ᠨᠢᠭᠡᠴᠡ ᠮᠦᠨ᠃ ᠭᠡᠪᠡᠴᠦ ᠣᠯᠠᠨ ᠲᠠᠯ᠎ᠠ ᠶᠢᠨ ᠰᠢᠯᠲᠠᠭᠠᠨ ᠠᠴᠠ ᠪᠤᠯᠤ ᠬᠡᠪᠰᠢᠮᠡᠯ ᠦᠭᠡ ᠭᠡᠭᠡᠭ᠍ᠳᠡᠨ ᠣᠷᠬᠢᠭᠳᠠᠵᠤ ᠪᠠᠢ᠌ᠬᠤ ᠲᠤᠯᠠ ᠲᠡᠭᠦᠨ ᠦ ᠪᠠᠢ᠌ᠷᠢ ᠰᠠᠭᠤᠷᠢ ᠶᠢ ᠦᠨᠡᠯᠡᠨ ᠲᠠᠨᠢᠵᠤ ᠬᠦᠭ᠍ᠵᠢᠭᠦᠯᠦᠨ ᠠᠰᠢᠭᠯᠠᠬᠤ ᠴᠢᠬᠤᠯᠠ ᠲᠠᠢ ᠪᠠᠢ᠌ᠨ᠎ᠠ᠃ ᠡᠭᠦᠨ ᠳᠦ ᠭᠤᠤᠯᠳᠠᠭᠤ ᠰᠤᠷᠭᠠᠭᠤᠯᠢ ᠶᠢᠨ ᠵᠢᠭᠠᠨ ᠰᠤᠷᠭᠠᠯᠲᠠ ᠳᠤ ᠲᠦᠰᠢᠭᠯᠡᠵᠦ ᠶᠠᠷᠢᠶ᠎ᠠ ᠬᠠᠷᠢᠯᠴᠠᠭᠠᠨ ᠤ ᠳᠤᠮᠳᠠ ᠪᠠᠨ᠂ ᠲᠡᠷᠡᠴᠢᠯᠡᠨ ᠦᠰᠦᠭ ᠪᠢᠴᠢ᠌ᠭ᠌ ᠢᠶᠡᠷ ᠢᠯᠡᠳᠭᠡᠭ᠍ᠰᠡᠨ ᠤᠷᠠᠨ ᠵᠤᠬᠢᠶᠠᠯ᠂ ᠦᠭᠦᠯᠡᠯ᠂ ᠰᠤᠨᠢᠨ ᠮᠡᠳᠡᠭᠡ ᠳᠦ ᠢᠯᠡᠭᠦᠬᠡᠨ ᠬᠡᠷᠡᠭᠯᠡᠨ᠂ ᠬᠡᠪᠰᠢᠮᠡᠯ ᠦᠭᠡ ᠪᠡᠨ ᠬᠦᠭ᠍ᠵᠢᠭᠦᠯᠵᠦ ᠦᠭᠡᠰ ᠦᠨ ᠰᠠᠩ᠋ ᠢ ᠪᠠᠶᠠᠯᠢᠭᠵᠢᠭᠤᠯᠪᠠᠯ ᠵᠤᠬᠢᠬᠤ ᠲᠤᠬᠠᠢ ᠦᠭᠦᠯᠡᠪᠡ᠃ |