摘要 |
ᠮᠣᠩᠭᠤᠯᠴᠤᠳ ᠤᠨ ᠠᠶᠠᠨ ᠵᠢᠩ ᠨᠢ ᠡᠭᠦᠰᠦᠯ ᠭᠦᠭᠵᠢᠯ ᠤᠨ ᠲᠡᠦᠬᠡᠨ ᠶᠠᠪᠤᠴᠠ ᠳ᠋ᠤ ᠪᠠᠨ ᠤᠯᠠᠨ ᠵᠦᠢᠯ ᠤᠨ ᠠᠷᠭ᠎ᠠ ᠬᠡᠯᠪᠡᠷᠢ ᠪᠡᠷ ᠲᠡᠭᠡᠭᠡᠪᠦᠷᠢᠯᠡᠨ ᠵᠦᠭᠡᠭᠡᠪᠦᠷᠢᠯᠡᠵᠦ᠂ ᠠᠳᠠᠯᠢ ᠪᠣᠰᠤ ᠲᠦᠷᠦᠯ ᠵᠦᠢᠯ ᠳ᠋ᠤ ᠬᠤᠪᠢᠶᠠᠭᠳᠠᠨ ᠪᠠᠢᠪᠠ᠃ ᠮᠣᠩᠭᠯᠤ ᠠᠶᠠᠨ ᠵᠢᠩ ᠤᠨ ᠲᠣᠬᠠᠢ ᠦᠩᠭᠡᠷᠡᠭᠰᠡᠨ ᠤ ᠰᠣᠳᠤᠯᠭᠠᠨ ᠢ ᠠᠵᠢᠭᠯᠠᠬᠤ ᠳ᠋ᠤ᠂ ᠠᠶᠠᠨ ᠵᠢᠩ ᠤᠨ ᠲᠦᠷᠦᠯ ᠠᠩᠬᠢᠯᠠᠯ ᠲᠡᠳᠦᠢᠯᠡ ᠲᠣᠳᠤᠷᠬᠠᠢ ᠪᠢᠰᠢ ᠪᠠᠢᠳᠠᠯ ᠲᠠᠢ᠃ ᠲᠤᠰ ᠦᠭᠦᠯᠡᠯ ᠳ᠋ᠤ᠂ ᠮᠣᠩᠭᠤᠯᠴᠤᠳ ᠤᠨ ᠠᠶᠠᠨ ᠵᠢᠩ ᠤᠨ ᠪᠠᠢᠳᠠᠯ ᠢ ᠠᠵᠢᠭᠯᠠᠨ ᠰᠢᠨᠵᠢᠯᠡᠵᠦ᠂ ᠡᠷᠳᠡᠮᠲᠡᠳ ᠤᠨ ᠦᠵᠡᠯᠲᠡ ᠲᠤᠷᠠᠳᠤᠯᠲᠠ ᠳ᠋ᠤ ᠲᠤᠩᠭᠠᠭᠠᠯᠲᠠ ᠬᠢᠭᠰᠡᠨ ᠰᠠᠭᠤᠷᠢᠨ ᠲᠡᠭᠡᠷ ᠡ᠂ ᠮᠣᠩᠭᠤᠯ ᠠᠶᠠᠨ ᠵᠢᠩ ᠤᠨ ᠲᠦᠷᠦᠯ ᠠᠩᠬᠢᠯᠠᠯ ᠤᠨ ᠰᠢᠰᠲ᠋ᠸᠮ ᠢ ᠠᠶᠠᠨ ᠵᠢᠩ ᠤᠨ ᠬᠡᠪᠰᠢᠯ᠂ ᠠᠶᠠᠨ ᠵᠢᠩ ᠤᠨ ᠬᠡᠯᠪᠡᠷᠢ᠂ ᠠᠶᠠᠨ ᠵᠢᠩ ᠤᠨ ᠲᠦᠷᠦᠯ ᠭᠡᠬᠦ ᠭᠤᠷᠪᠠᠨ ᠠᠩᠬᠢᠯᠠᠯ ᠳ᠋ᠤ ᠬᠤᠪᠢᠶᠠᠨ ᠦᠵᠡᠪᠡ᠃ |