摘要 |
ᠮᠣᠩᠭᠤᠯ ᠬᠡᠯᠡᠨ ᠤ ᠦᠭᠡ ᠵᠢ ᠢᠠᠵᠭᠤᠷ ᠦᠭᠡ ᠪᠠ ᠡᠭᠦᠰᠦᠮᠡᠯ ᠦᠭᠡ ᠭᠡᠵᠦ ᠬᠤᠶᠠᠷ ᠪᠤᠬᠢᠶᠠᠳᠠᠭ᠃ ᠦᠭᠡ ᠶᠢᠨ ᠦᠨᠳᠦᠰᠦᠨ ᠤᠳᠬ ᠠ ᠵᠢ ᠬᠠᠳᠠᠭᠠᠯᠠᠵᠤ ᠪᠠᠢᠭ᠎ᠠ ᠬᠠᠮᠤᠭ ᠤᠨ ᠡᠬᠢᠨ ᠤ ᠪᠦᠲᠦᠭᠡᠪᠦᠷᠢ ᠵᠢ ᠢᠵᠠᠭᠤᠷ ᠭᠡᠳᠡᠭ ᠪᠦᠭᠡᠳ ᠵᠢᠩᠬᠢᠨᠢ ᠢᠵᠠᠭᠤᠷ ᠢᠢᠡᠷ ᠢᠢᠡᠨ ᠪᠠᠢᠬᠤ ᠦᠭᠡ ᠵᠢ ᠢᠵᠠᠭᠤᠷ ᠦᠭᠡ ᠭᠡᠳᠡᠭ᠃ ᠵᠢᠱᠢᠶᠡᠯᠡᠪᠡᠯ᠄ ᠭᠠᠯ᠂ ᠮᠠᠯ ᠂ ᠶᠡᠬᠡ᠂ ᠰᠠᠢᠨ᠂ ᠪᠠᠳᠠᠷᠠ ᠭᠡᠬᠦ ᠮᠡᠲᠦ᠃ ᠦᠢᠯᠡ ᠦᠭᠡ᠂ ᠨᠡᠷ ᠡ ᠦᠭᠡ᠂ ᠲᠡᠮᠳᠡᠭ ᠦᠭᠡ᠂ ᠵᠠᠷᠢᠮ ᠳ᠋ᠠᠭᠠᠨ ᠪᠠᠰᠠ ᠲᠦᠯᠦᠭᠡᠨ ᠤ ᠦᠭᠡ᠂ ᠲᠠᠢᠪᠤᠷᠢ ᠦᠭᠡ ᠶᠢᠨ ᠢᠵᠠᠭᠤᠷ ᠲᠦ ᠶᠠᠩᠵᠤ ᠪᠦᠷᠢ ᠶᠢᠨ ᠦᠭᠡ ᠪᠦᠲᠦᠭᠡᠬᠦ ᠲᠠᠭᠠᠪᠤᠷᠢ ᠵᠠᠯᠭᠠᠵᠤ ᠪᠦᠲᠦᠭᠰᠡᠨ ᠦᠭ ᠡᠪᠠ ᠬᠤᠶᠠᠷ ᠢᠵᠠᠭᠤᠷ ᠡᠴᠡ ᠨᠡᠢᠯᠡᠵᠦ ᠪᠦᠲᠦᠭᠰᠡᠨ ᠦᠭᠡ ᠵᠢ ᠡᠭᠦᠰᠦᠮᠡᠯ ᠦᠭᠡ ᠭᠡᠨ᠎ᠡ᠃ ᠵᠢᠱᠢᠶᠡᠯᠡᠪᠡᠯ᠄ ᠭᠦᠭᠵᠢᠯ᠂ ᠵᠢᠪᠬᠤᠯᠠᠩ᠂ ᠠᠳᠤᠭᠤᠴᠢᠨ᠂ ᠬᠦᠴᠦᠷᠭᠡᠭ᠂ ᠲᠤᠤᠭᠠᠷᠬᠤ ᠭᠡᠬᠦ ᠮᠡᠲᠦ᠃ |