题名 |
ᠶᠠᠫᠤᠨ ᠡᠴᠡ ᠬᠢᠩᠭ᠋ᠠᠨ ᠮᠤᠵᠢ ᠳᠤ ᠬᠡᠷᠡᠭᠵᠢᠭᠦᠯᠦᠭᠰᠡᠨ ᠬᠠᠷ ᠠ ᠳᠡᠮᠡᠬᠢ ᠲᠤᠰᠬᠠᠢ ᠬᠤᠳᠠᠯᠳᠤᠬᠤ ᠲᠦᠷᠦ ᠶᠢᠨ ᠪᠤᠳᠤᠯᠭ᠎ᠠ ᠶᠢᠨ ᠲᠤᠬᠠᠢ ᠥᠭᠥᠯᠡᠬᠦ ᠨᠢ |
作者 |
ᠴᠢ᠂ ᠪᠠᠢ ᠱᠦᠨ |
关键词 |
ᠶᠠᠫᠤᠨ; ᠬᠢᠩᠭ᠋ᠠᠨ ᠮᠤᠵᠢ; ᠬᠠᠷ ᠠ ᠳᠡᠮᠡᠬᠢ ;ᠲᠤᠰᠬᠠᠢ ᠬᠤᠳᠠᠯᠳᠤᠬᠤ ᠲᠦᠷᠦ ᠶᠢᠨ ᠪᠤᠳᠤᠯᠭ᠎ᠠ |
摘要 |
《9.18 ᠭᠡᠷᠡᠭ ᠬᠤᠪᠢᠰᠦᠯ》 ᠤᠨ ᠳᠠᠷᠠᠭ᠎ᠠ᠂ ᠶᠠᠫᠤᠨ ᠡᠴᠡ ᠬᠢᠩᠭ᠋ᠠᠨ ᠮᠤᠵᠢ ᠳᠤ ᠬᠡᠷᠡᠭᠵᠢᠭᠦᠯᠦᠭᠰᠡᠨ ᠬᠠᠷ ᠠ ᠳᠡᠮᠡᠬᠢ ᠲᠤᠰᠬᠠᠢ ᠬᠤᠳᠠᠯᠳᠤᠬᠤ ᠲᠦᠷᠦ ᠶᠢᠨ ᠪᠤᠳᠤᠯᠭ᠎ᠠ ᠪᠤᠯ ᠳᠡᠭᠦᠨ ᠦ ᠤᠷᠳᠤ ᠬᠤᠭᠤᠴᠠᠭ᠎ᠠ ᠪᠡᠷ ᠬᠡᠷᠡᠭᠵᠢᠭᠦᠯᠦᠭᠰᠡᠨ《ᠮᠠᠨᠵᠤ ᠮᠣᠩᠭᠣᠯ ᠤᠨ ᠲᠦᠷᠦ ᠶᠢᠨ ᠪᠤᠳᠤᠯᠭ᠎ᠠ》 ᠶᠢᠨ ᠴᠢᠬᠤᠯᠠ ᠪᠦᠷᠢᠯᠳᠦᠭᠦᠨ ᠪᠤᠯᠬᠤ ᠪᠦᠭᠡᠳ ᠮᠦᠨ ᠴᠤ ᠮᠠᠨᠵᠤ ᠤᠯᠤᠰ ᠲᠤ ᠭᠡᠷᠡᠭᠵᠢᠭᠦᠯᠦᠭᠰᠡᠨ ᠬᠠᠷ ᠠ ᠳᠡᠮᠡᠬᠢ ᠲᠤᠰᠬᠠᠢ ᠬᠤᠳᠠᠯᠳᠤᠬᠤ ᠲᠦᠷᠦ ᠶᠢᠨ ᠪᠤᠳᠤᠯᠭ᠎ᠠ ᠶᠢᠨ ᠪᠦᠷᠢᠯᠳᠦᠭᠦᠨ ᠪᠤᠯᠬᠤ ᠶᠤᠮ᠃ ᠲᠤᠰ ᠲᠦᠷᠦ ᠶᠢᠨ ᠪᠤᠳᠤᠯᠭ᠎ᠠ ᠨᠢ ᠶᠠᠫᠤᠨ ᠦ ᠬᠢᠩᠭ᠋ᠠᠨ ᠮᠤᠵᠢ ᠪᠡᠷ ᠭᠤᠤᠯ ᠪᠤᠯᠭᠠᠭᠰᠠᠨ ᠥᠪᠥᠷ ᠮᠣᠩᠭᠣᠯ ᠤᠨ ᠵᠡᠭᠦᠨ ᠬᠡᠰᠡᠭ ᠭᠠᠵᠠᠷ ᠤᠷᠤᠨ ᠳᠡᠬᠢ ᠲᠦᠷᠮᠡᠬᠡᠢ᠌ᠯᠡᠯ ᠳᠤ ᠤᠯᠤᠰ ᠲᠦᠷᠦ᠂ ᠠᠵᠤ ᠠᠬᠤᠢ ᠂ ᠦᠵᠡᠯ ᠤᠬᠠᠮᠰᠠᠷ ᠵᠡᠷᠭᠡ ᠤᠯᠠᠨ ᠲᠠᠯ ᠠ ᠶᠢᠨ ᠨᠦᠯᠦᠭᠡ ᠦᠵᠡᠭᠦᠯᠦᠭᠰᠡᠨ ᠦ ᠬᠠᠮᠳᠤ ᠲᠤᠰ ᠭᠠᠵᠠᠷ ᠤᠷᠤᠨ ᠦ ᠡᠯ ᠠ ᠦᠨᠳᠦᠰᠦᠳᠡᠨ ᠦ ᠠᠷᠠᠳ ᠲᠦᠮᠡᠨ ᠳᠤ ᠬᠦᠨᠳᠦ ᠨᠤᠴᠢᠲᠠᠢ ᠭᠠᠢ ᠭᠠᠮᠰᠢᠭ ᠠᠪᠴᠢᠷᠠᠵᠤ ᠦᠭ᠍ᠪᠡ᠃ ᠥᠭᠥᠯᠡᠯ ᠳᠤ ᠬᠠᠮᠢᠶ ᠠ ᠪᠦᠭᠦᠢ ᠲᠡᠦᠭᠡᠨ ᠳᠠᠩᠰᠠ ᠡᠪᠬᠡᠮᠡᠯ ᠢ ᠠᠰᠢᠭᠯᠠᠨ ᠂ ᠳᠤᠰ ᠲᠦᠷᠦ ᠶᠢᠨ ᠪᠤᠳᠤᠯᠭ᠎ᠠ ᠶᠢ ᠬᠡᠷᠡᠭᠵᠢᠭᠦᠯᠦᠭᠰᠡᠨ ᠵᠤᠷᠢᠯᠭ᠎ᠠ᠂ ᠠᠭᠤᠯᠭ᠎ᠠ᠂ ᠤᠨᠴᠠᠯᠢᠭ᠂ ᠬᠤᠤᠷ ᠬᠦᠨᠦᠬᠡᠯ ᠤᠨ ᠲᠤᠬᠠᠢ ᠲᠦᠭᠦᠮ ᠰᠢᠨᠵᠢᠬᠦ ᠪᠤᠯᠤᠨ᠎ᠠ᠃ |
原文 |
查看原文
|
出自 |
内蒙古师范大学学报
2007年
第3期
|