摘要 |
ᠨᠤᠬᠠᠢ ᠭᠡᠳᠡᠭ ᠲᠡᠵᠢᠭᠡᠪᠦᠷᠢ ᠪᠣᠯ ᠬᠦᠮᠦᠨ ᠲᠦᠷᠦᠯᠬᠢᠲᠡᠨ ᠳ᠋ᠦ ᠬᠠᠮᠤᠭ ᠡᠭᠡᠯᠢᠲᠠᠢ ᠠᠮᠢᠲᠠᠨ ᠤ ᠨᠢᠭᠡ ᠪᠣᠯᠬᠤ ᠶᠣᠮ᠃ ᠬᠦᠮᠦᠨ ᠲᠦᠷᠦᠯᠬᠢᠲᠡᠨ ᠨᠣᠬᠠᠢ ᠵᠢ ᠲᠠᠳᠬᠠᠨ ᠲᠡᠵᠢᠭᠡᠭᠡᠳ ᠪᠠᠷᠤᠭ 6000-7000 ᠵᠢᠯ ᠤᠨ ᠲᠡᠦᠬᠡ ᠲᠠᠢ ᠪᠣᠯᠵᠤ ᠪᠠᠢᠨ ᠭᠡᠵᠦ ᠵᠷᠠᠢᠮ ᠪᠢᠴᠢᠭ ᠲᠤ ᠲᠡᠮᠳᠡᠭᠯᠡᠵᠡᠢ᠂ ᠡᠨᠡ ᠨᠢ ᠲᠡᠵᠢᠭᠡᠪᠦᠷᠢ ᠶᠢᠨ ᠲᠤᠳᠤᠷ ᠠ ᠪᠠᠨ ᠬᠦᠮᠦᠨ ᠳ᠋ᠤ ᠲᠠᠰᠤᠭᠰᠠᠠ ᠢᠢᠡᠷ ᠠᠩᠬᠠᠨ ᠤ ᠪᠠᠢᠷᠢ ᠳ᠋ᠤ ᠶᠠᠪᠤᠬᠤ ᠶᠣᠮ᠃ ᠨᠣᠬᠠᠢ ᠪᠣᠯ ᠤᠯᠠᠨ ᠲᠦᠷᠦᠯ ᠴᠢᠳᠠᠪᠬᠢ ᠲᠠᠢ᠃ ᠠᠩᠴᠢᠨ ᠨᠡᠭᠦᠳᠡᠯᠴᠢᠨ ᠤᠪᠤᠭ ᠠᠢᠮᠠᠭ ᠨᠢ ᠨᠣᠬᠠᠢ ᠵᠢ ᠠᠪᠠ ᠳ᠋ᠤ ᠬᠡᠷᠡᠭᠯᠡᠬᠦ ᠪᠡᠷ ᠪᠠᠷᠠᠬᠤ ᠦᠭᠡᠢ ᠬᠤᠳᠠ ᠤᠰᠤ ᠪᠠᠨ ᠰᠠᠬᠢᠭᠤᠯᠵᠤ ᠪᠠᠯᠳᠠᠭ᠂ ᠪᠠᠰᠠ ᠭᠠᠭᠴᠠᠭᠠᠷ ᠠᠪᠠ ᠠᠶᠠᠨ ᠳ᠋ᠤ ᠶᠠᠪᠤᠬᠤ ᠳ᠋ᠤ ᠲᠡᠷᠡ ᠨᠢ ᠲᠤᠩ ᠨᠠᠢᠷᠰᠠᠭ ᠬᠠᠨᠢ ᠨᠢ ᠪᠣᠯᠵᠤ ᠪᠣᠯᠳᠠᠭ; ᠲᠠᠷᠢᠶᠠᠯᠠᠬᠤ ᠤᠭᠰᠠᠭᠠᠲᠠᠨ(ᠦᠨᠡᠨ ᠳ᠋ᠡᠭᠡᠨ ᠠᠩᠴᠢᠨ ᠨᠡᠭᠦᠳᠡᠯᠴᠢᠨ ᠡᠰᠡᠬᠦᠯ ᠡ ᠲᠡᠭᠦᠵᠦ ᠠᠮᠢᠳᠤᠷᠠᠵᠦ ᠪᠠᠢᠭᠰᠠᠨ ᠢᠢᠡᠨ ᠰᠡᠭᠦᠯᠡᠷ ᠨᠢ ᠰᠠᠶᠢ ᠲᠠᠷᠢᠶᠠᠯᠠᠬᠤ ᠪᠣᠯᠤᠭᠰᠠᠨ ᠨᠢ ᠭᠤᠤᠯᠳᠠᠭᠤ ᠲᠠᠷᠢᠶ ᠠ ᠲᠦᠮᠦᠰᠦ ᠪᠣᠯᠤᠨ ᠬᠤᠳᠠ ᠬᠤᠷᠤᠭ᠎ᠠ ᠪᠠᠨ ᠰᠠᠬᠢᠭᠤᠯᠵᠤ ᠪᠣᠯᠳᠠᠭ᠃ᠮᠠᠨᠵᠢᠴᠤᠳ ᠴᠠᠰᠤᠨ᠎ᠠ ᠠᠮᠢᠳᠤᠷᠠᠬᠤ ᠳ᠋ᠠᠭᠠᠨ ᠨᠣᠬᠠᠢ ᠵᠢ ᠴᠢᠷᠭ᠎ᠠ ᠳ᠋ᠤ ᠬᠦᠯᠵᠦ ᠪᠣᠯᠬᠤ ᠵᠢ ᠮᠡᠳᠡᠭᠡᠳ ᠴᠢᠷᠭ᠎ᠠ ᠳ᠋ᠤ ᠬᠦᠯᠵᠦ ᠵᠠᠮ ᠬᠠᠷᠢᠯᠴᠠᠭᠠᠨ ᠪ ᠪᠠᠭᠠᠵᠢ ᠶᠢᠨ ᠦᠢᠯᠡᠳᠦᠯ ᠲᠠᠢ ᠪᠣᠯᠭᠠᠵᠠᠢ᠃ ᠮᠣᠩᠭᠤᠯ ᠮᠠᠨᠵᠦ ᠬᠡᠯᠡ ᠳ᠋ᠤ ᠨᠣᠬᠠᠢ ᠵᠢ ᠨᠡᠷᠡᠢᠳᠦᠨ ᠲᠠᠭᠤᠳᠠᠭᠰᠠᠨ ᠦᠭᠡ ᠨᠡᠯᠢᠶᠡᠳ ᠤᠯᠠᠨᠪᠠᠢᠪᠠᠴᠦ ᠠᠳᠠᠯᠢᠲᠤᠷ ᠨᠢ ᠲᠡᠢᠮᠦ ᠤᠯᠠᠨ ᠪᠢᠰᠢ᠂ ᠵᠠᠷᠢᠮ ᠬᠤᠲᠠ ᠰᠠᠬᠢᠭᠴᠢ ᠨᠣᠬᠠᠢ ᠪᠣᠯᠤᠨ ᠠᠪᠠ ᠳ᠋ᠤ ᠬᠡᠷᠡᠭᠯᠡᠬᠦ ᠨᠣᠬᠠᠢ ᠶᠢᠨ ᠨᠡᠷᠡᠢᠳᠦᠯ ᠪᠠᠰᠠ ᠠᠳᠠᠯᠢᠪᠲᠤᠷ ᠪᠠᠢᠨ᠎ᠠ᠃ |