摘要 |
ᠲᠠᠭᠤᠷ᠂ᠵᠡᠭᠦᠨ ᠶᠣᠭᠤᠷ᠂ᠮᠣᠩᠭᠤᠷ ᠳ᠋ᠦᠩᠰᠢᠶᠠᠩ᠂ᠪᠣᠣ ᠠᠠ ᠵᠡᠷᠭᠡ ᠲᠠᠪᠤᠨ ᠮᠣᠩᠭᠤᠯ ᠲᠦᠷᠦᠯ ᠤᠨ ᠬᠡᠯᠡᠨ ᠤ ᠦᠨᠳᠦᠰᠦᠨ ᠦᠭᠡᠰ ᠲᠤ ᠮᠣᠩᠭᠤᠯ ᠬᠡᠯᠡ ᠲᠠᠢ ᠢᠵᠢᠯ ᠭᠠᠷᠤᠯᠲᠠᠢ ᠦᠭᠡ ᠤᠯᠠᠨ ᠪᠠᠢᠳᠠᠭ᠃ ᠵᠣᠬᠢᠶᠠᠭᠴᠢ᠂ ᠲᠤᠰ ᠦᠭᠦᠯᠡᠯ ᠳ᠋ᠤ ᠲᠣᠬᠠᠢ ᠶᠢᠨ ᠦᠶ ᠡ ᠲᠠᠪᠤᠨ ᠬᠡᠯᠡᠨ ᠤ ᠦᠨᠳᠦᠰᠦᠨ ᠦᠭᠡᠰ ᠤᠨ ᠰᠠᠩ ᠳ᠋ᠡᠬᠢ ᠤᠯᠠᠨ ᠬᠡᠷᠡᠭᠯᠡᠭᠳᠡᠳᠡᠭ᠌ ᠪᠦᠭᠡᠳ ᠬᠦᠮᠦᠰ ᠤᠨ ᠡᠳᠦᠷ ᠲᠣᠳᠤᠮ ᠤᠨ ᠠᠮᠢᠳᠤᠷᠠᠯ ᠳ᠋ᠤ ᠨᠢᠭᠲᠠ ᠬᠤᠯᠪᠤᠭ᠎ᠠ ᠪᠦᠬᠦᠢ ᠬᠡᠷᠡᠭ ᠶᠠᠭᠤᠮ ᠠ᠂ ᠣᠨᠴᠠᠯᠢᠭ ᠰᠢᠨᠵᠢ᠂ᠦᠢᠯᠡ ᠬᠦᠳᠡᠯᠭᠡᠭᠡᠨ ᠢ ᠵᠢᠭᠠᠭᠰᠠᠨ ᠨᠢᠭᠡ ᠭᠡᠰᠡᠭ ᠦᠨᠳᠦᠰᠦᠨ ᠦᠭᠡᠰ ᠢ ᠮᠣᠩᠭᠤᠯ ᠬᠡᠯᠡ ᠲᠠᠢ ᠬᠠᠷᠢᠴᠠᠭᠤᠯᠤᠨ ᠰᠢᠨᠵᠢᠯᠡᠬᠦ ᠪᠡᠷ ᠲᠠᠮᠵᠢᠭᠤᠯᠵᠤ᠂ ᠲᠠᠭᠤᠷ᠂ ᠵᠡᠭᠦᠨ ᠶᠣᠭᠤᠷ᠂ ᠮᠣᠩᠭᠤᠷ᠂ ᠳ᠋ᠦᠩᠰᠢᠶᠠᠩ᠂ᠪᠣᠣ ᠠᠨ ᠬᠡᠯᠡᠨ ᠤ ᠦᠨᠳᠦᠰᠦᠨ ᠦᠭᠡᠰ ᠲᠦ ᠦᠯᠡᠮᠵᠢ ᠲᠣᠬᠢᠶᠠᠯᠳᠤᠬᠤ ᠮᠣᠩᠭᠤᠯ ᠬᠡᠯᠡ ᠲᠠᠢ ᠢᠵᠢᠯ ᠭᠠᠷᠤᠯᠲᠠᠢ ᠦᠭᠡᠰ ᠤᠨ ᠪᠠᠢᠳᠠᠯ ᠢ ᠰᠢᠨᠵᠢᠯᠡᠨ ᠲᠤᠳᠤᠷᠬᠠᠢᠯᠠᠬᠤ ᠶᠢᠨ ᠬᠠᠮᠲᠤ᠂ ᠦᠨᠳᠦᠰᠦᠨ ᠦᠭᠡᠰ ᠤᠨ ᠬᠡᠪᠴᠢᠶᠠᠨ ᠳ᠋ᠡᠬᠢ ᠲᠣᠬᠠᠢ ᠶᠢᠨ ᠲᠠᠪᠤᠨ ᠬᠡᠯᠡᠨ ᠤ ᠦᠪᠦᠷᠮᠢᠴᠡ ᠦᠭᠡᠰ ᠪᠣᠯᠤᠨ ᠦᠭᠡᠷ ᠡ ᠪᠣᠰᠤᠳ ᠬᠡᠯᠡᠨ ᠡᠴᠡ ᠵᠢᠭᠡᠯᠡᠨ ᠬᠡᠷᠡᠭᠯᠡᠭᠰᠡᠨ ᠦᠭᠡᠰ ᠤᠨ ᠪᠠᠢᠳᠠᠯ ᠵᠢᠴᠢ ᠢᠷᠡᠯ ᠭᠠᠷᠤᠯ ᠤᠨ ᠲᠣᠬᠠᠢ ᠠᠩᠬ ᠠ ᠠᠯᠬᠤᠮ ᠤᠨ ᠰᠢᠨᠵᠢᠯᠡᠯ ᠬᠢᠭᠰᠡᠨ ᠪᠠᠢᠨ᠎ᠠ᠃ |