摘要 |
16ᠳ᠋ᠤᠭᠠᠷ ᠵᠠᠭᠤᠨ ᠤ ᠬᠤᠶᠠᠳᠤᠭᠠᠷ ᠵᠠᠭᠤᠨ ᠤ ᠬᠠᠭᠠᠰ ᠬᠦᠷᠲᠡᠯ ᠡ ᠬᠠᠯᠬ ᠠ ᠳ᠋ᠤ《ᠬᠠᠭᠠᠨ-qayan》ᠬᠡᠮᠡᠬᠦ ᠨᠡᠷ ᠡ ᠬᠦᠨᠳᠦ ᠪᠦᠬᠦᠢ ᠴᠤᠯᠠᠲᠠᠨ ᠠᠢᠮᠠᠭ ᠵᠠᠬᠢᠷᠴᠤ᠂ ᠮᠣᠩᠭᠤᠯ ᠲᠦᠷᠦ ᠶᠢᠨ ᠭᠡᠷᠡᠭ ᠲᠤ ᠣᠨᠴᠠᠭᠠᠢ ᠡᠭᠦᠷᠡᠭᠡ ᠭᠦᠢᠴᠡᠳᠭᠡᠭᠰᠡᠭᠡᠷ ᠢᠷᠡᠭᠰᠡᠨ ᠪᠢᠯᠡ᠃ ᠡᠨᠡ ᠬᠦ ᠡᠷᠬᠢᠮ ᠬᠦᠨᠳᠦᠲᠡᠢ ᠴᠣᠯᠠ ᠶᠢᠨ ᠤᠳᠬ ᠠ ᠰᠠᠨᠠᠭ᠎ᠠ ᠵᠢ ᠮᠠᠨ ᠤ ᠪᠢᠴᠢᠯᠭᠡᠲᠡᠳ ᠠᠨᠳᠠᠭᠤ ᠲᠠᠰᠢᠭᠤ ᠲᠠᠢᠯᠪᠤᠷᠢᠯᠠᠵᠤ ᠢᠡᠷᠡᠵᠡᠢ᠃ ᠲᠡᠢᠮᠦ ᠡᠴᠡ ᠪᠢᠳᠡ ᠤᠭ ᠦᠭᠦᠯᠡᠯ ᠳ᠋ᠤ᠂ ᠤᠭ ᠴᠣᠯᠠ ᠶᠢᠨ ᠪᠢᠴᠢᠬᠢ ᠬᠬᠡᠯᠪᠡᠷᠢ᠂ ᠤᠳᠬ ᠠ ᠰᠠᠨᠠᠭ᠎ᠠ ᠵᠢ ᠲᠤᠳᠤᠷᠬᠠᠢᠯᠠᠨ᠂ ᠬᠠᠯᠬ᠎ᠠ ᠳ᠋ᠤ ᠬᠠᠭᠠᠨ ᠴᠤᠯᠠᠲᠠᠨ ᠪᠤᠢ ᠪᠣᠯᠤᠭᠰᠠᠨ ᠲᠡᠦᠭᠡ ᠵᠢ ᠮᠦᠰᠬᠢᠨ ᠦᠵᠡᠪᠡ᠃ ᠬᠠᠯᠬ ᠠ ᠶᠢᠨ ᠬᠠᠭᠠᠳ ᠢ ᠲᠡᠦᠬᠡ ᠪᠢᠴᠢᠯᠭᠡᠲᠡᠳ《ᠬᠠᠭᠠᠨ-qayan᠂ᠬᠠᠨ -qan》ᠬᠡᠮᠡᠨ ᠬᠤᠶᠠᠷ ᠶᠠᠩᠵᠤ ᠪᠡᠷ ᠪᠢᠴᠢᠵᠤ ᠲᠡᠮᠳᠡᠭᠯᠡᠬᠦ ᠶᠢᠨ ᠵᠡᠷᠭᠡᠴᠡᠭᠡ ᠢᠯᠡᠷᠭᠡᠢᠢᠯᠡᠬᠦ ᠤᠳᠬ ᠠ ᠶᠢᠨ ᠬᠤᠪᠢ ᠳ᠋ᠤ᠂ ᠵᠢᠵᠢᠭ ᠤᠯᠤᠰ ᠡᠵᠡᠮᠰᠢᠯ ᠤᠨ ᠡᠵᠡᠨ ᠬᠡᠮᠡᠨ ᠢᠯᠭᠠᠵᠤ ᠲᠠᠢᠯᠪᠤᠷᠢᠯᠠᠭᠰᠠᠭᠠᠷ ᠢᠷᠡᠭᠰᠡᠨ ᠨᠢ ᠠᠨᠳᠠᠭᠤᠷᠠᠯ ᠪᠦᠭᠡᠳ ᠡᠨᠡ ᠬᠤᠶᠠᠷ ᠦᠭᠡ ᠨᠢ ᠨᠢᠭ ᠡᠦᠭᠡ ᠶᠢᠨ ᠬᠤᠶᠠᠷ ᠶᠠᠩᠵᠤ ᠪᠢᠴᠢᠯᠭᠡ ᠶᠣᠮ᠃ ᠲᠡᠢᠮᠦ ᠡᠴᠡ ᠬᠤᠢᠰᠢᠲᠠ ᠡᠨᠡ ᠬᠦ ᠠᠨᠳᠠᠭᠤᠷᠠᠯ ᠢ ᠵᠠᠯᠠᠷᠠᠭᠤᠯᠤᠨ ᠠᠳᠠᠯᠢ ᠤᠳᠬ ᠠ ᠪᠡᠷ ᠠᠪᠴᠤ ᠦᠵᠡᠬᠦ ᠵᠦᠢᠲᠠᠢ ᠶᠣᠮ᠃ |