摘要 |
《ᠴᠠᠭᠠᠨ ᠲᠡᠦᠬᠡ》ᠪᠣᠯ ᠮᠣᠩᠭᠤᠯ ᠦᠨᠳᠦᠰᠦᠲᠡᠨ ᠤ ᠭᠦᠨ ᠤᠬᠠᠭᠠᠨ ᠤ ᠲᠡᠦᠬᠡ ᠵᠢ ᠰᠣᠳᠤᠯᠬᠤ ᠳ᠋ᠤ ᠴᠢᠬᠤᠯᠠ ᠪᠢᠴᠢᠭ ᠮᠠᠲ᠋ᠷᠢᠶᠠᠯ ᠤᠨ ᠨᠢᠭᠡ ᠮᠦᠨ᠃ ᠱ• ᠪᠢᠷ ᠠ《ᠲᠤᠮᠳᠠᠳᠤ ᠵᠠᠭᠤᠨ ᠤ ᠦᠶ ᠡ ᠶᠢᠨ ᠮᠣᠩᠭᠤᠯ ᠤᠨ ᠲᠡᠦᠬᠡᠨ ᠡᠷᠳᠡᠮᠲᠡᠳ ᠤᠨ ᠶᠢᠷᠲᠢᠨᠴᠦ ᠶᠢᠨ ᠦᠵᠡᠯᠲᠡ ᠶᠢᠨᠦᠨᠳᠦᠰᠦᠨ ᠠᠭᠤᠯᠭ᠎ᠠ ᠪᠠ ᠮᠣᠩᠭᠤᠯ ᠤᠨ ᠨᠤᠶᠠᠷᠬᠠᠭᠴᠢ ᠠᠩᠬᠢ ᠶᠢᠨ ᠲᠦᠷᠦ ᠶᠢᠨ ᠬᠦᠨ ᠤᠬᠠᠭᠠᠨ ᠢ ᠲᠤᠰ ᠵᠣᠬᠢᠶᠠᠯ ᠲᠤᠳᠤᠷ ᠠ ᠡᠴᠡ ᠤᠯᠵᠦ ᠦᠵᠡᠵ ᠪᠣᠯᠤᠨ᠎ᠠ》 ᠭᠡᠵᠡᠢ᠃ ᠯᠢᠦ ᠵᠢᠨ ᠰᠦᠸᠸ ᠠᠪᠤᠭᠠᠢ᠄《ᠴᠠᠭᠠᠨ ᠲᠡᠦᠬᠡ ᠬᠡᠳᠦᠢᠪᠡᠷ ᠬᠡᠮᠵᠢᠶ᠎ᠠ ᠪᠡᠷ ᠪᠠᠭ᠎ᠠ ᠪᠣᠯᠪᠠᠴᠦ᠂ ᠤᠳᠬ ᠠ ᠶᠣᠰᠤ ᠬᠦᠨ ᠤᠯᠤᠰ ᠲᠦᠷᠦ ᠶᠢᠨ ᠬᠦᠨ ᠤᠬᠠᠭᠠᠨ ᠤ ᠵᠣᠬᠢᠶᠠᠯ ᠮᠦᠨ 》ᠭᠡᠵᠡᠢ᠃ ᠡᠳᠡᠭᠡᠷ ᠦᠨᠡᠯᠡᠯᠲᠡ ᠨᠢ 《ᠴᠠᠭᠠᠨ ᠲᠡᠦᠬᠡ》 ᠶᠢᠨ ᠪᠣᠳᠠᠳᠤ ᠠᠭᠤᠯᠭ᠎ᠠ ᠲᠠᠢ ᠨᠠᠢᠴᠡᠵᠦ ᠪᠠᠢᠨ᠎ᠠ᠃ |