摘要 |
《ᠮᠣᠨᠭᠤᠯ ᠤᠨ ᠨᠢᠭᠤᠴᠠ ᠲᠤᠪᠴᠢᠶᠠᠨ》 ᠳ᠋ᠤ ᠨᠢᠭᠡ ᠣᠨᠴᠠ ᠲᠦᠷᠰᠤᠲᠦ ᠬᠦᠮᠦᠨ ᠢ ᠲᠡᠮᠳᠡᠭᠯᠡᠪᠡ᠃ ᠲᠠᠷᠤᠢ᠂ ᠭᠤᠷᠪᠠᠨ ᠨᠡᠭᠦᠷᠢᠨ ᠭᠠᠵᠠᠷ ᠠ ᠶᠢᠨ ᠬᠣᠯᠠ ᠶᠠᠭᠤᠮᠠᠰ ᠢ ᠲᠣᠳᠤ ᠤᠯᠵᠤ ᠬᠠᠷᠠᠬᠤ ᠴᠢᠳᠠᠪᠤᠷᠢ ᠲᠠᠢ᠂ ᠮᠠᠩᠨᠠᠢ ᠲᠤᠮᠳᠠ ᠪᠠᠨ ᠭᠠᠭᠴᠠ ᠨᠢᠲᠤ ᠲᠠᠢ—ᠲᠤᠸᠠ ᠰᠤᠬᠤᠷ ᠪᠢᠯᠡ᠃ᠲᠤᠸᠠ ᠰᠤᠬᠤᠷ ᠪᠣᠯ ᠮᠠᠩᠨᠠᠢ ᠲᠤᠮᠳᠠ ᠪᠠᠨ ᠭᠠᠭᠴᠠ ᠨᠢᠳᠤᠤᠦ ᠪᠢᠰᠢ᠂ ᠬᠠᠢᠷᠨ ᠭᠠᠯ ᠴᠤᠭ ᠲᠠᠢ ᠬᠤᠶᠠᠷ 《ᠶᠡᠬᠡ ᠨᠢᠳᠦᠳᠦ》ᠪᠠᠢᠭᠰᠠᠨ ᠶᠣᠰᠤᠲᠠᠢ᠃ ᠲᠡᠭᠦᠨ ᠤ 《ᠭᠠᠭᠴᠠ ᠨᠢᠳᠤᠳᠤ》ᠪᠣᠯᠤᠭᠰᠠᠨ ᠤᠴᠢᠷ ᠪᠣᠯ ᠡᠷᠲᠡ ᠦᠶ ᠡ ᠶᠢᠨ ᠮᠣᠩᠭᠤᠯ ᠬᠡᠯᠡᠨ ᠤ ᠭᠦᠭᠵᠢᠯ ᠤᠨ ᠶᠠᠪᠤᠴᠠ ᠳ᠋ᠤ᠂ ᠦᠭᠡ ᠶᠢᠨ ᠠᠪᠢᠶᠠᠨ ᠤ ᠬᠤᠪᠢᠷᠠᠯ ᠤᠨ ᠰᠢᠯᠲᠠᠭᠠᠨ ᠢᠢᠡᠷ ᠦᠭᠡ ᠶᠢᠨ ᠤᠳᠬ ᠠ ᠵᠢ ᠪᠤᠷᠤᠭᠤ ᠤᠢᠯᠠᠭᠠᠭᠰᠠᠨ ᠡᠴᠡ ᠪᠣᠯᠤᠭᠰᠠᠨ ᠪᠠᠢᠨ᠎ᠠ᠃ ᠰᠤᠳᠯᠤᠭᠰᠠᠨ ᠤ ᠦᠷ ᠡ ᠳ᠋ᠦᠩ ᠳ᠌ᠤ《ᠶᠡᠬᠡ ᠨᠢᠳᠦᠳᠦ ᠲᠤᠸᠠ ᠰᠤᠬᠤᠷ ᠡᠴᠡ—— ᠢᠬᠡ(ike) ᠨᠢᠳᠤᠲᠦ ᠲᠤᠸᠠ ᠰᠤᠬᠤᠷ ——ᠨᠢᠭᠡ ᠨᠢᠳᠤᠳᠤ ᠲᠤᠸᠠ ᠰᠣᠬᠤᠷ ᠡᠴᠡ——ᠭᠠᠭᠴᠠ ᠨᠢᠳᠤᠳᠤ》 ᠭᠡᠰᠡᠨ ᠮᠦᠷᠳᠡᠯᠭᠡ ᠤᠯᠵᠠᠢ᠃ ᠡᠭᠦᠨ ᠡᠴᠡ ᠪᠣᠯᠤᠭᠠᠳ᠂ᠮᠣᠩᠭᠤᠯᠴᠤᠳ ᠲᠡᠭᠡᠳᠦᠰ ᠤᠨ ᠢᠢᠡᠨ ᠤᠶᠠᠨ ᠪᠢᠯᠢᠭ᠂ ᠤᠷᠠᠨ ᠰᠡᠳᠬᠢᠬᠦᠢ᠂ ᠲᠦᠷᠰᠦᠯᠡᠨ ᠪᠣᠳᠤᠬᠤᠢ ᠤᠬᠠᠭᠠᠨ ᠢ ᠲᠤᠰᠬᠠᠭᠰᠠᠨ ᠰᠣᠳᠤᠨ ᠰᠡᠪᠡᠬᠦᠨ 《ᠲᠤᠸᠠ ᠰᠤᠬᠤᠷ ᠤᠨ ᠲᠤᠮᠤᠭ》 ᠢ ᠡᠭᠦᠳᠦᠨ ᠪᠦᠲᠦᠭᠡᠭᠰᠡᠨ ᠪᠠᠢᠵᠤ ᠪᠣᠯᠬᠤ ᠶᠣᠮ᠃ |