摘要 |
ᠴᠢᠩ ᠤᠯᠤᠰ ᠤᠨ ᠵᠠᠰᠠᠭ ᠤᠨ ᠭᠠᠵᠠᠷ ᠡᠴᠡ ᠰᠢᠨ᠎ᠠ ᠵᠠᠰᠠᠭ ᠤᠨ ᠪᠣᠳᠤᠯᠭ᠎ᠠ ᠭᠡᠭᠴᠢ ᠵᠢ ᠬᠡᠷᠡᠭᠵᠢᠬᠦᠯᠵᠦ ᠪᠠᠢᠬᠤ ᠬᠤᠭᠤᠴᠠᠭᠠᠨ ᠳ᠋ᠠᠭᠠᠨ᠂ ᠦᠪᠦᠷ ᠮᠣᠩᠭᠤᠯ ᠤᠨ ᠡᠯ ᠡ ᠬᠤᠰᠢᠭᠤᠨ ᠤ ᠪᠡᠯᠴᠢᠭᠡᠷ ᠨᠤᠲᠤᠭ ᠢ ᠶᠡᠬᠡ ᠬᠡᠮᠵᠢᠶ ᠡ ᠪᠡᠷ ᠬᠠᠭᠠᠯᠪᠤᠷᠢᠯᠠᠵᠤ᠂ ᠮᠣᠩᠭᠤᠯᠴᠤᠳ ᠤᠨ ᠠᠵᠤ ᠠᠮᠢᠳᠤᠷᠠᠯᠭ᠎ᠠ ᠳ᠋ᠤ ᠬᠦᠨᠳᠦ ᠨᠣᠴᠢᠲᠠᠢ ᠨᠦᠯᠦᠭᠡ ᠦᠵᠡᠭᠦᠯᠦᠭᠰᠡᠨ ᠶᠣᠮ᠃ ᠶᠡᠬᠡ ᠵᠣᠣ ᠶᠢᠨ ᠴᠢᠭᠤᠯᠭᠠᠨ ᠪᠣᠯ ᠴᠢᠩ ᠤᠯᠤᠰ ᠤᠨ ᠵᠠᠰᠠᠭ ᠤᠨ ᠭᠠᠵᠠᠷ ᠤᠨ ᠭᠤᠤᠯᠳᠠᠯᠭ᠎ᠠ ᠲᠠᠢ ᠪᠡᠷ ᠠᠲᠠᠷ ᠬᠠᠭᠠᠯᠪᠤᠷᠢᠯᠠᠭᠰᠠᠨ ᠣᠷᠤᠨ ᠤ ᠨᠢᠭᠡ ᠮᠦᠨ᠃ ᠴᠢᠩ ᠤᠯᠤᠰ ᠤᠨ ᠵᠠᠰᠠᠭ ᠤᠨ ᠭᠠᠵᠠᠷ ᠡᠴᠡ ᠮᠣᠩᠭᠤᠯ ᠬᠤᠰᠢᠭᠤᠨ ᠤ ᠪᠡᠯᠴᠢᠭᠡᠷ ᠨᠤᠲᠤᠭ ᠢ ᠠᠯᠪᠠᠳᠠᠨ ᠬᠠᠭᠠᠯᠪᠤᠷᠢᠯᠠᠭᠰᠠᠨ ᠶᠠᠪᠤᠳᠠᠯ ᠢ ᠮᠣᠩᠭᠤᠯ ᠬᠤᠰᠢᠭᠤᠨ ᠤ ᠡᠯ ᠡ ᠲᠠᠪᠬᠤᠷᠭ᠎ᠠ ᠶᠢᠨ ᠠᠩᠬᠢ ᠶᠢᠨ ᠬᠢᠨ ᠨᠡᠢᠳᠡᠮ ᠢᠢᠡᠷ ᠬᠤᠷᠢᠭᠯᠠᠨ ᠡᠰᠡᠷᠭᠦᠴᠡᠪᠡ᠃ ᠶᠡᠬᠡ ᠵᠣᠣ ᠶᠢᠨ ᠴᠢᠭᠤᠯᠭᠠᠨ ᠪᠣᠯ ᠴᠢᠩ ᠤᠯᠤᠰ ᠤᠨ ᠵᠠᠰᠠᠭ ᠤᠨ ᠭᠠᠵᠠᠷ ᠤᠨ ᠭᠤᠤᠯᠳᠠᠯᠭ ᠠ ᠲᠠᠢ ᠪᠡᠷ ᠠᠲᠠᠷ ᠬᠠᠭᠠᠯᠪᠤᠷᠢᠯᠠᠭᠰᠠᠨ ᠣᠷᠤᠨ ᠤ ᠨᠢᠭᠡ ᠮᠦᠨ᠃ᠴᠢᠩ ᠤᠯᠤᠰ ᠤᠨ ᠵᠠᠰᠠᠭ ᠤᠨ ᠭᠠᠵᠠᠷ ᠡᠴᠡ ᠮᠣᠩᠭᠤᠯ ᠬᠤᠰᠢᠭᠤᠨ ᠤ ᠪᠡᠯᠴᠢᠭᠡᠷ ᠨᠤᠲᠤᠭ ᠢ ᠠᠯᠪᠠᠳᠠᠨ ᠬᠤᠭᠠᠯᠪᠤᠷᠢᠯᠠᠭᠰᠠᠨ ᠶᠠᠪᠤᠳᠠᠯ ᠢ ᠮᠣᠩᠭᠤᠯ ᠭᠤᠰᠢᠭᠤᠨ ᠤ ᠡᠯ ᠠ ᠠᠩᠬᠢ ᠲᠠᠪᠬᠤᠷᠭ᠎ᠠ ᠶᠢᠨᠬᠢᠨ ᠨᠡᠢᠳᠡᠮ ᠢᠢᠡᠷ ᠬᠤᠷᠢᠭᠯᠠᠨ ᠡᠰᠡᠷᠭᠦᠴᠡᠪᠡ᠃ ᠶᠡᠬᠡ ᠵᠣᠣ ᠶᠢᠨ ᠴᠢᠭᠤᠯᠭᠠᠨ ᠤ ᠲᠤᠯᠤᠭᠠᠨ ᠬᠤᠰᠢᠭᠤᠨ ᠲᠣᠳᠤᠷ ᠠ᠂ ᠵᠢᠦ᠋ᠨ ᠸᠠᠩ ᠤᠨ ᠬᠤᠰᠢᠭᠤ ᠨᠢ ᠬᠠᠮᠭᠤ ᠡᠴᠡ ᠡᠷᠲᠡ᠂ ᠬᠠᠮᠤᠭ ᠡᠴᠡ ᠠᠷᠪᠢᠨ ᠭᠠᠵᠠᠷ ᠢᠢᠡᠨ ᠲᠠᠯᠪᠢᠨ ᠬᠠᠭᠠᠯᠪᠤᠷᠢᠯᠠᠭᠰᠠᠨ ᠡᠴᠡ ᠪᠣᠯᠵᠤ᠂ ᠦᠷᠭᠡᠨ ᠣᠯᠠᠨ ᠮᠠᠯᠴᠢᠳ ᠤᠨ ᠲᠤᠷ ᠠ ᠦᠭᠡᠢᠴᠡᠯ ᠪᠠ ᠬᠢᠯᠢᠩ ᠬᠤᠷᠤᠰᠤᠯ ᠢ ᠬᠦᠳᠡᠯᠭᠡᠵᠡᠢ᠃ ᠲᠣᠬᠠᠢ ᠶᠢᠨ ᠦᠶ ᠡ ᠳ᠋ᠤ ᠵᠢᠶᠦ᠋ᠨ ᠸᠠᠩ ᠤᠨ ᠬᠤᠰᠢᠭᠤᠨ ᠳᠦ ᠬᠡᠳᠦᠢᠪᠡᠷ ᠵᠡᠭᠦᠨ ᠭᠠᠷ᠂ᠬᠠᠩᠬᠢᠨ ᠵᠡᠷᠭᠡ ᠬᠤᠰᠢᠭᠤᠳ ᠲᠠᠢ ᠠᠳᠠᠯᠢ ᠬᠤᠷᠴᠠ ᠰᠢᠷᠦᠬᠦᠨ ᠵᠡᠪᠰᠡᠭᠲᠦ ᠡᠰᠡᠷᠭᠦᠴᠡᠯ ᠭᠠᠷᠤᠭᠰᠠᠨ ᠦᠭᠡᠢ ᠪᠣᠯᠪᠠᠴᠤ ᠵᠢᠷᠭᠤᠭ᠎ᠠ᠂ ᠲᠤᠯᠤᠭᠠᠨ ᠵᠢᠯ ᠦᠷᠬᠦᠯᠵᠢᠯᠡᠭᠰᠡᠨ ᠪᠡᠯᠴᠢᠭᠡᠷ ᠤᠨ ᠭᠠᠵᠠᠷ ᠦᠯᠡᠳᠡᠭᠡᠬᠦ ᠲᠡᠮᠡᠴᠡᠯ ᠡᠭᠦᠰᠦᠭᠰᠡᠨ ᠶᠣᠮ᠃ ᠲᠤᠰ ᠦᠭᠦᠯᠡᠯ ᠳ᠋ᠤ ᠡᠨᠡᠬᠦ ᠲᠡᠮᠡᠴᠡᠯ ᠤᠨ ᠡᠭᠦᠰᠦᠭᠰᠡᠨ ᠦᠩᠭᠡᠷᠡᠯᠲᠡ ᠵᠢ ᠰᠢᠰᠲ᠋ᠸᠮ ᠲᠠᠢ ᠦᠭᠦᠯᠡᠵᠦ᠂ ᠦᠪᠡᠷ ᠤᠨ ᠦᠵᠯᠡᠲᠡ ᠪᠠᠨ ᠲᠡᠪᠰᠢᠭᠦᠯᠦᠶ ᠡ᠃ |