摘要 |
ᠮᠣᠩᠭᠤᠯ ᠦᠨᠳᠦᠰᠦᠲᠡᠨ ᠤ ᠠᠷᠠᠳ ᠤᠨ ᠠᠮᠠᠨ ᠬᠦᠦᠷᠨᠢᠯ ᠨᠢ ᠦᠨᠢ ᠤᠳᠠᠭᠠᠨ ᠲᠡᠦᠭᠡᠨ ᠤᠯᠠᠮᠵᠢᠯᠠᠯ ᠲᠠᠢ ᠪᠠᠢᠵᠤ᠂ ᠬᠦᠮᠦᠰ ᠤᠨ ᠤᠶᠤᠨ ᠤᠬᠠᠭᠠᠨ ᠤ ᠦᠷ ᠠ ᠪᠦᠲᠦᠭᠡᠯ᠂ ᠡᠷᠲᠡᠨ ᠤ ᠰᠣᠶᠣᠯ ᠢ ᠲᠠᠨᠢᠬᠤ ᠡᠬᠢ ᠰᠤᠷᠪᠤᠯᠵᠢ ᠶᠢᠨ ᠨᠢᠭᠡ ᠪᠤᠯᠤᠨ᠎ᠠ᠃ᠮᠣᠩᠭᠤᠯ ᠦᠨᠳᠦᠰᠦᠲᠡᠨ ᠤ ᠡᠯᠡᠭ ᠪᠠᠶᠠᠯᠢᠭ ᠠᠷᠠᠳ ᠤᠨ ᠠᠮᠠᠨ ᠬᠦᠦᠷᠨᠢᠯ ᠤᠨ ᠦᠪᠡ ᠦᠯᠡᠳᠡᠭᠳᠡᠯ ᠨᠢ ᠭᠡᠳᠦᠨ ᠮᠢᠩᠭᠠᠨ ᠵᠢᠯ ᠤᠨ ᠲᠤᠷᠰᠢ ᠦᠶ ᠠ ᠤᠯᠠᠮᠵᠢᠯᠠᠭᠳᠠᠭᠰᠠᠭᠠᠷ ᠢᠷᠡᠵᠦ ᠦᠨᠦᠳᠦᠷ ᠤᠨ ᠬᠦᠮᠦᠰ ᠲᠤ ᠪᠦᠷᠢᠨ ᠪᠦᠲᠦᠨ ᠠᠮᠠᠨ ᠬᠦᠦᠷᠨᠢᠯ ᠤᠨ ᠪᠦᠲᠦᠭᠡᠯ ᠵᠢᠭᠡᠳ ᠲᠦᠷᠦᠯ ᠵᠦᠢᠯ ᠢ ᠦᠯᠡᠳᠡᠭᠡᠵᠦ ᠦᠭᠴᠡᠢ᠃ ᠦᠭᠦᠯᠡᠯ ᠳ᠋ᠤ《ᠮᠣᠩᠭᠤᠯ ᠤᠨ ᠨᠢᠭᠤᠴᠠ ᠲᠤᠪᠴᠢᠶᠠᠨ》 ᠳ᠋ᠤ ᠲᠡᠮᠳᠡᠭᠯᠡᠭᠳᠡᠭᠰᠡᠨ ᠲᠦᠷᠪᠡᠨ ᠵᠦᠢᠯ ᠤᠨ ᠠᠮᠠᠨ ᠬᠦᠦᠷᠨᠢᠯ ᠪᠠ ᠤᠮᠠᠷᠠᠲᠤ ᠶᠢᠨ ᠦᠨᠳᠦᠰᠦᠲᠡᠨ ᠤ ᠠᠮᠠᠨ ᠬᠦᠦᠷᠨᠢᠯ ᠢ ᠬᠠᠷᠢᠴᠠᠭᠤᠯᠤᠨ ᠰᠢᠨᠵᠢᠯᠡᠬᠦ ᠪᠡᠷ ᠲᠠᠮᠵᠢᠨ᠂ ᠮᠣᠩᠭᠤᠯᠴᠤᠳ ᠤᠨ ᠠᠮᠠᠨ ᠬᠦᠦᠷᠨᠢᠯ ᠤᠨ ᠲᠡᠦᠭᠡᠨ ᠤᠯᠠᠮᠵᠢᠯᠠᠯ ᠪᠠ ᠰᠣᠶᠣᠯ ᠤᠨ ᠠᠭᠤᠯᠬᠤᠨ ᠢ ᠰᠦᠪᠡᠭᠴᠢᠯᠡᠬᠦ ᠪᠡᠷ ᠵᠤᠷᠢᠭᠰᠠᠨ ᠪᠠᠢᠨ᠎ᠠ᠃ |