摘要 |
ᠥᠭᠥᠯᠡᠯ ᠳᠤ ᠬᠤᠯᠪᠤᠭᠳᠠᠯ ᠪᠦᠬᠦᠢ ᠲᠡᠦᠬᠡᠨ ᠰᠤᠷᠪᠤᠯᠵᠢᠰ ᠢ ᠦᠨᠳᠦᠰᠦᠯᠡᠨ᠂ ᠦᠵᠦᠮᠦᠴᠢᠨ ᠨᠤᠶᠠᠳ ᠯᠢᠭᠳᠡᠨ ᠬᠤᠳᠤᠭᠲᠤ ᠬᠠᠭᠠᠨ ᠦ ᠪᠠᠢ᠌ᠯᠳᠤᠨ ᠳᠠᠭᠠᠭᠤᠯᠤᠯᠲᠠ ᠡᠴᠡ ᠵᠠᠢᠯᠠᠰᠬᠢᠨ ᠬᠠᠯᠬ᠎ᠠ ᠶᠢᠨ ᠬᠤᠱᠤᠢ ᠰᠡᠴᠡᠨ ᠬᠠᠨ ᠢ ᠲᠦᠰᠢᠭᠰᠡᠨ ᠪᠠ ᠴᠡᠷᠢᠭ ᠤᠨ ᠲᠦᠷᠦ ᠬᠦᠷᠦᠨ ᠦ ᠳᠠᠳᠠᠬᠤ ᠂ ᠰᠦᠷᠳᠡᠭᠦᠯᠬᠦ ᠵᠡᠷᠭᠡ ᠠᠷᠭ᠎ᠠ ᠠᠪᠴᠠᠯ ᠲᠤᠤᠷ ᠠ᠂ ᠠᠷᠪᠠᠨ ᠲᠤᠯᠤᠳᠤᠭᠠᠷ ᠵᠠᠭᠤᠨ ᠦ ᠭᠤᠴᠢᠭᠠᠳ ᠤᠨ ᠳᠤ ᠲᠡᠬᠢᠨ ᠲᠤᠤᠷᠠᠬᠢ ᠠᠢᠮᠠᠭ ᠠᠯᠪᠠᠳᠤ ᠪᠡᠨ ᠳᠠᠭᠠᠭᠤᠯᠤᠨ ᠂ ᠴᠢᠷᠢᠭ ᠤᠨ ᠲᠦᠷᠦ ᠶᠢ ᠳᠠᠭᠠᠭᠰᠠᠨ ᠡᠴᠡ ᠦᠵᠦᠮᠦᠴᠢᠨ ᠨᠤᠶᠠᠳ ᠪᠠ ᠴᠢᠷᠢᠭ ᠤᠨ ᠲᠦᠷᠦ ᠶᠢᠨ ᠬᠤᠭᠤᠷᠤᠨᠳᠤᠬᠢ ᠬᠠᠷᠢᠴᠠᠭ᠎ᠠ ᠤᠯᠠᠮ ᠨᠢᠭ᠌ᠳᠠᠷᠠᠵᠤ ᠴᠢᠩ ᠤᠨ ᠲᠦᠷᠦ ᠪᠡᠷ ᠦᠵᠦᠮᠦᠴᠢᠨ ᠨᠤᠶᠠᠳ ᠢ ᠸᠠᠩ ᠡᠷᠭᠦᠮᠵᠢᠯᠡᠬᠦ᠂ ᠬᠤᠭᠤᠷᠤᠨᠳᠤ ᠪᠠᠨ ᠤᠷᠤᠭ ᠡᠯᠢᠭᠡᠨ ᠪᠤᠯᠤᠯᠴᠠᠭᠰᠠᠨ ᠵᠡᠷᠭᠡ ᠬᠤᠷᠢᠴᠠᠭᠠᠨ ᠦ ᠲᠤᠬᠠᠢ ᠥᠭᠥᠯᠡᠪᠡ᠃ |