摘要 |
ᠪᠠᠭᠠᠲᠤᠷ ᠤᠨ ᠲᠤᠤᠯᠢ ᠤᠳ ᠨᠢ ᠣᠯᠩᠬᠢ ᠳ᠋ᠠᠭᠠᠨ ᠤᠪᠤᠭ ᠠᠢᠮᠠᠭ ᠪᠣᠶᠣ ᠨᠳᠦᠰᠦᠲᠡᠨ ᠤᠭᠰᠠᠭᠠᠲᠠᠨ ᠤ ᠪᠠᠭᠠᠲᠤᠷ ᠬᠦᠮᠦᠰ ᠤᠨ ᠬᠢᠯᠡᠯᠵᠡᠭᠰᠠᠨ ᠲᠦᠷᠢ ᠵᠢ ᠪᠦᠲᠦᠭᠡᠨ ᠰᠦᠷ ᠵᠢᠪᠬᠤᠯᠠᠩᠲᠤ ᠠᠭᠤᠷ ᠠᠮᠢᠰᠬᠤᠯ ᠢ ᠪᠤᠢ ᠪᠣᠯᠭᠠᠵᠤ᠂ ᠡᠷᠬᠢᠮ ᠲᠡᠭᠡᠳᠦ ᠭᠤᠤ ᠠ ᠰᠠᠢᠬᠠᠨ ᠢ ᠮᠠᠭᠲᠠᠨ ᠲᠠᠭᠤᠯᠠᠬᠤ ᠵᠢ ᠯᠡ ᠠᠩᠬᠠᠷᠳᠠᠭ ᠪᠢᠰᠢ᠂ ᠰᠤᠯᠠ ᠰᠯᠡᠡᠬᠦᠨ ᠪᠠᠢᠳᠠᠯ᠂ ᠢᠯᠠᠩᠭᠤᠶ ᠠ ᠨᠠᠭᠠᠳᠤᠮ ᠱᠤᠭ ᠲᠠᠢ ᠦᠵᠡᠭᠳᠡᠯ ᠢ ᠶᠡᠷᠦ ᠡᠴᠡ ᠲᠡᠳᠦᠢᠯᠡ ᠲᠦᠷᠰᠦᠯᠡᠳᠡᠭ ᠦᠭᠡᠢ᠃ ᠬᠠᠷᠢᠨ 《ᠭᠡᠰᠡᠷ ᠤᠨ ᠲᠤᠭᠤᠵᠢ》 ᠳ᠋ᠤ ᠴᠣᠳᠤᠩ ᠭᠡᠬᠦ ᠨᠠᠭᠠᠲᠤᠮ ᠱᠤᠭ ᠲᠠᠢ ᠵᠣᠬᠢᠶᠠᠯ ᠤᠨ ᠪᠠᠭᠠᠲᠤᠷ ᠤᠨ ᠲᠦᠷᠢ ᠵᠢ ᠮᠠᠰᠢ ᠠᠮᠵᠢᠯᠲᠠ ᠲᠠᠢ ᠪᠦᠲᠦᠭᠡᠭᠰᠡᠨ ᠨᠢ ᠬᠠᠷᠠᠭᠳᠠᠳᠠᠭ᠃ ᠡᠨᠡ ᠨᠢ 《ᠭᠡᠰᠡᠷ ᠤᠨ ᠲᠤᠭᠤᠵᠢ》 ᠶᠢᠨ ᠭᠣᠤ ᠠ ᠰᠠᠢᠬᠠᠨ ᠤ ᠦᠨ᠎ᠡ ᠴᠡᠨ᠎ᠠ ᠵᠢ ᠶᠡᠬᠡᠬᠡᠨ ᠨᠡᠮᠡᠭᠳᠡᠬᠦᠯᠦᠭᠰᠡᠨ ᠪᠠᠢᠬᠤ ᠶᠣᠮ ᠡ !? |