摘要 |
ᠨᠦᠬᠦᠷ ᠲᠤ•ᠲᠡᠯᠭᠡᠷᠰᠠᠩ ᠤᠨ 《ᠨᠤᠲᠤᠭ ᠠᠮᠠᠷᠠᠭ ᠬᠤᠶᠠᠷ 》ᠭᠡᠬᠦ ᠰᠢᠯᠦᠭ ᠤᠨ ᠲᠡᠭᠦᠪᠦᠷᠢ ᠳ᠋ᠤᠨᠢ ᠲᠡᠭᠦᠨ ᠤ 1983-1988 ᠤᠨ ᠬᠦᠷᠳᠡᠯᠡᠬᠢ ᠵᠢᠷᠭᠤᠭᠠᠨ ᠵᠢᠯ ᠤᠨ ᠪᠦᠲᠦᠭᠡᠯ ᠡᠴᠡ ᠨᠢ ᠨᠡᠢᠲᠡ 5760 ᠮᠦᠷ ᠰᠢᠯᠦᠭ ᠪᠠᠭᠲᠠᠨ ᠤᠷᠤᠵᠠᠢ᠂ ᠡᠭᠦᠨ ᠳ᠋ᠤ《ᠨᠠᠮᠤᠷ ᠤᠨ ᠲᠡᠭᠷᠢ ᠶᠢᠨ ᠭᠠᠯᠠᠭᠤᠨ ᠲᠠᠭᠤ》᠂ᠠᠭᠤᠯᠠ ᠤᠰᠤ ᠮᠢᠨᠢ》 ᠭᠡᠬᠦ ᠬᠣᠶᠠᠷ ᠰᠢᠯᠦᠭ ᠢ ᠭᠠᠷᠠᠭᠠᠪᠠᠯ ᠪᠣᠰᠤᠳ ᠨᠢ ᠴᠦᠮ ᠤᠶᠠᠩᠭ᠎ᠠ ᠶᠢᠨ ᠤᠬᠤᠷ ᠰᠢᠯᠦᠭ ᠪᠣᠯᠤᠨ᠎ᠠ᠃ ᠡᠮᠢᠦᠤ ᠡᠴᠡ 《ᠤᠬᠤᠷ ᠤᠶᠠᠩᠭ᠎ᠠ》 ᠲᠤᠰ ᠲᠤᠰ ᠲᠡᠭᠦᠪᠦᠷᠢ ᠶᠢᠨ ᠦᠪᠡᠷᠮᠢᠴᠡ ᠲᠤᠭᠲᠠᠯᠴᠠᠭ᠎ᠠ ᠪᠣᠯᠬᠤ ᠪᠠᠢᠨ᠎ᠠ᠃ ᠡᠨᠡ ᠨᠢ ᠮᠦᠨ ᠴᠦ ᠲᠤ•ᠲᠡᠯᠭᠡᠷᠰᠠᠩ ᠤᠨ ᠲᠤᠰ ᠵᠢᠷᠭᠤᠭᠠᠨ ᠵᠢᠯ ᠤᠨ ᠲᠤᠷᠠᠢ ᠶᠢᠨ ᠤᠷᠠᠯᠢᠭ ᠤᠨ ᠬᠦᠭᠡᠭᠡᠴᠡᠯᠳᠦᠯ ᠤᠨ ᠨᠢᠨᠢ ᠨᠢᠭᠡᠳᠦᠭᠡᠷ ᠤᠨᠴᠠᠯᠢᠭ ᠨᠢ ᠭᠡᠯᠲᠡᠢ᠃ ᠤᠬᠤᠷ ᠤᠶᠠᠩᠭ᠎ᠠ ᠨᠢ ᠠᠷᠪᠠᠭᠠᠳ ᠱᠠᠳ ᠢᠢᠡᠷ ᠭᠤᠤᠯᠯᠠᠵᠤ᠂ ᠤᠷᠲᠤ ᠳ᠋ᠠᠭᠠᠨ ᠬᠤᠷᠢᠭᠠᠳ ᠱᠠᠳ᠂ ᠬᠠᠮᠤᠭ ᠤᠬᠤᠷ ᠨᠢ ᠲᠦᠷᠪᠡᠭᠡᠨ ᠱᠠᠳ ᠢᠢᠡᠷ ᠪᠦᠷᠢᠯᠳᠦᠵᠡᠢ᠃ |