摘要 |
ᠯᠠᠮᠠ ᠢᠨᠡᠭ ᠡᠨᠡᠬᠦ ᠪᠡᠶ ᠠ ᠪᠠᠨ ᠦᠵᠡᠯ ᠶᠠᠳᠠᠨ ᠦᠯᠦᠪ ᠭᠠᠳᠠᠭᠤᠷᠰᠢᠶᠠᠭᠴᠢ ᠬᠤᠶᠠᠷ ᠤᠳᠬ ᠠ ᠡᠨᠲᠡ ᠬᠠᠷᠢᠨ ᠨᠢᠭᠡᠨ ᠨᠢ ᠨᠢᠭᠡᠨ ᠳ᠋ᠡᠭᠡᠨ ᠭᠠᠷ ᠰᠤᠩᠭᠠᠵᠤ ᠰᠠᠯᠵᠤ ᠰᠠᠨᠳᠠᠰᠢ ᠦᠭᠡᠢ ᠨᠢᠭᠡᠳᠦᠭᠰᠡᠨ ᠭᠠᠢᠬᠠᠯᠲᠠᠢ ᠦᠵᠡᠭᠳᠡᠯ ᠢᠢᠡᠷ ᠮᠠᠨ ᠤ ᠡᠮᠦᠨ᠎ᠡ ᠢᠯᠡᠷᠡᠯ ᠠ᠃ ᠭᠠᠢᠬᠠᠯᠲᠠᠢ ᠦᠵᠡᠭᠳᠡᠯ ᠭᠡᠵᠦ ᠶᠡᠷᠦᠨᠢ ᠲᠤᠭᠠᠯᠠᠰᠢ ᠦᠭᠡᠢ ᠠᠰᠠᠭᠤᠯᠲᠠ ᠪᠡᠷ ᠪᠦᠰᠡᠯᠡᠭᠳᠡᠭᠰᠡᠨ ᠪᠦᠳᠡᠬᠢ ᠪᠠᠳᠠᠬᠢ ᠪᠣᠳᠠᠳᠤ ᠬᠡᠷᠡᠭ ᠪᠢᠯᠡ᠃ ᠮᠦᠩᠬᠡ ᠠᠮᠢᠵᠢᠷᠠᠯ ᠤᠨ ᠬᠦᠴᠦᠨ ᠲᠠᠢ ᠠᠷᠠᠳ ᠤᠨ ᠲᠠᠭᠤᠤ ᠤᠷᠠᠯᠢᠭ ᠢᠢᠡᠷ ᠢᠯᠡᠷᠡᠭᠰᠡᠨ ᠡᠨᠡᠬᠦ ᠪᠣᠳᠠᠳᠤ ᠭᠡᠷᠡᠭ ᠨᠢ 《ᠠᠷᠠᠳ ᠲᠦᠮᠡᠨ ᠡᠴᠡ ᠲᠣᠬᠠᠢ ᠶᠢᠨ ᠦᠶ ᠡ ᠳ᠋ᠤ ᠬᠦᠮᠦᠰ ᠤᠨ ᠦᠵᠡᠯ ᠰᠠᠨᠠᠭ᠎ᠠ ᠵᠢ ᠨᠤᠶᠠᠷᠬᠠᠵᠤ ᠪᠠᠢᠭᠰᠠᠨ ᠯᠠᠮᠠ ᠪᠣᠷᠬᠠᠨ ᠂ ᠱᠠᠰᠢᠨ ᠤ ᠬᠤᠳᠠᠯ ᠬᠠᠭᠤᠷᠮᠠᠭ᠂ ᠢᠯᠵᠠᠷᠠᠮᠠᠯ ᠲᠤᠷᠤᠢᠳᠠᠮᠠᠯ ᠮᠦᠨ ᠴᠢᠨᠠᠷ ᠢ ᠢᠯᠡᠴᠢᠯᠡᠨ ᠶᠦᠭᠡᠳᠡᠭᠰᠡᠨ ᠡᠰᠡᠭᠦᠯ ᠡ ᠶᠠᠮᠠᠷ ᠨᠢᠭᠡᠨ ᠨᠡᠢᠭᠡᠮ ᠤᠨ ᠠᠰᠢᠭ ᠰᠣᠨᠢᠷᠬᠠᠯ ᠳ᠋ᠤ ᠯᠡ ᠵᠤᠷᠢᠭᠤᠯᠤᠭᠳᠠᠭᠰᠠᠨ ᠭᠡᠳᠡᠭ ᠢ ᠪᠢ ᠬᠤᠪᠢᠨ ᠳ᠋ᠠᠭᠠᠨ ᠴᠢᠮᠠᠯᠠᠨ ᠦᠵᠡᠬᠦ ᠪᠣᠶᠣ ᠵᠦᠪᠰᠢᠶᠡᠷᠡᠬᠦ ᠦᠭᠡᠢ ᠪᠠᠢᠨ᠎ᠠ᠃ |