摘要 |
ᠤᠢᠷ ᠠ ᠶᠢᠨ ᠵᠢᠯ ᠤᠳ ᠲᠤ ᠭᠠᠳᠠᠭᠠᠳᠤ ᠶᠢᠨ ᠭᠦᠨ ᠤᠬᠠᠭᠠᠨ ᠪᠠ ᠤᠷᠠᠨ ᠵᠣᠬᠢᠶᠠᠯ ᠤᠨ ᠪᠦᠲᠦᠭᠡᠯ ᠢᠢᠡᠷ ᠣᠷᠴᠢᠭᠤᠯᠤᠭᠳᠠᠨ ᠲᠡᠯᠭᠡᠷᠡᠬᠦ ᠵᠢ ᠲᠠᠭᠠᠯᠳᠤᠵᠤ᠂ ᠰᠢᠨ᠎ᠠ ᠡᠷᠡᠨ ᠤ ᠮᠣᠩᠭᠤᠯ ᠤᠷᠠᠨ ᠵᠠᠬᠢᠶᠠᠯ ᠤᠨ ᠭᠦᠭᠵᠢᠯ ᠳ᠋ᠤ ᠵᠣᠬᠢᠬᠤ ᠨᠦᠯᠦᠭᠡ ᠦᠵᠡᠭᠦᠯᠵᠦ ᠡᠬᠢᠯᠡᠪᠡ᠃ ᠲᠤᠰ ᠦᠭᠦᠯᠡᠯ ᠳ᠋ᠤ ᠡᠨᠡᠬᠦ ᠨᠦᠯᠦᠭᠡ ᠵᠢ ᠤᠯᠤᠮ ᠨᠢᠭᠡ ᠯᠠᠬᠤᠮ ᠨᠠᠷᠢᠪᠴᠢᠯᠠᠨ ᠰᠢᠨᠵᠢᠬᠦ ᠡᠭᠦᠳᠡᠨ ᠡᠴᠡ ᠣᠨᠴᠠᠭᠠᠢᠯᠠᠨ ᠰᠡᠷᠲ᠋ᠸ ᠵᠢ ᠰᠤᠩᠭᠤᠵᠤ ᠵᠠᠳᠠᠯᠤᠨ ᠲᠠᠨᠢᠯᠴᠠᠭᠤᠯᠪᠠ᠃ ᠰᠡᠷᠲ᠋ᠸ ᠪᠣᠯ ᠬᠣᠶᠠᠳᠤᠭᠠᠷ ᠲᠠᠢᠨ ᠤ ᠲᠠᠷᠠᠭᠠᠬᠢ ᠬᠠᠮᠤᠭ ᠤᠨ ᠶᠡᠬᠡ ᠲᠡᠯᠡᠭᠡᠢ ᠶᠢᠨ ᠨᠦᠯᠦᠭᠡ ᠲᠠᠢ ᠤᠷᠤᠰᠢᠬᠤᠢ ᠦᠵᠡᠯ ᠤᠨ ᠬᠦᠨ ᠤᠬᠠᠭᠠᠨᠲᠠᠨ ᠪᠦᠭᠡᠳ ᠰᠢᠯᠭᠠᠷᠠᠭᠰᠠᠨ ᠵᠣᠬᠢᠶᠠᠯᠴᠢ ᠤᠴᠢᠷ ᠲᠡᠭᠦᠨᠢ ᠰᠤᠩᠭᠤᠵᠤ ᠵᠠᠳᠠᠯᠤᠨ ᠲᠠᠨᠢᠯᠴᠠᠭᠤᠯᠬᠤ ᠨᠢ ᠮᠠᠰᠢ ᠶᠡᠬᠡ ᠨᠡᠢᠲᠡᠯᠢᠭ ᠠᠴᠢ ᠬᠤᠯᠪᠤᠭᠳᠠᠯ ᠲᠠᠢ ᠭᠡᠵᠦ ᠵᠣᠬᠢᠶᠠᠭᠴᠢ ᠦᠵᠡᠵᠡᠢ᠃ |